| | ᠭᠤᠤᠯ ᠦᠳᠡ ᠶᠢᠨ ᠭᠠᠯ ᠨᠠᠷᠠᠨ ᠠᠰ ᠲᠡᠭᠡᠷ᠎ᠡ ᠠᠴᠠ ᠲᠦᠬᠡᠨᠡᠭᠰᠡᠨ ᠠᠭᠠᠬᠢᠮ᠎ᠠ ᠵᠤᠨ ᠤ ᠪᠦᠭᠴᠢᠮ ᠬᠠᠯᠠᠭᠤᠨ᠂ | ᠠᠮᠢᠳᠠᠨ ᠭᠤᠤᠯᠳᠠᠨ ᠪᠦᠬᠦᠨ ᠢ ᠠᠮᠢᠰᠬᠤᠭ᠎ᠠ ᠠᠪᠤᠭᠤᠯᠬᠤ ᠦᠬᠡᠢ ᠬᠡᠮᠡᠷᠬᠡᠨ ᠠᠷᠭ᠎ᠠ ᠠᠭᠠᠰᠢ ᠶᠢ ᠨᠢ | ᠠᠯᠳᠠᠷᠠᠭᠤᠯᠤᠨ᠎ᠠ᠃ | ᠬᠡᠳᠡᠰᠤ ᠪᠠᠨ ᠴᠢᠷᠦᠭᠰᠡᠨ ᠡᠮ᠎ᠡ ᠶᠠᠩᠬᠢᠷ ᠬᠠᠷᠭᠠᠨ᠎ᠠ ᠮᠤᠳᠤᠨ ᠤ ᠰᠡᠶᠢᠮᠡᠬᠡᠷ ᠰᠡᠬᠦᠳᠡᠷ ᠢ ᠡᠷᠢᠯᠬᠢᠯᠡᠨ ᠠᠮᠢ ᠲᠡᠮᠡᠴᠡᠨ᠎ᠡ᠃ | ᠰᠠᠶᠢᠬᠠᠨ ᠬᠠᠨ ᠤ ᠪᠠᠨ ᠰᠠᠷᠢᠳᠠᠭ ᠤᠷᠬᠢᠯ ᠤᠨ ᠪᠡᠷᠬᠡ ᠪᠠᠷᠳᠠᠭ᠎ᠠ ᠬᠢᠬᠡᠳ ᠢᠨᠠᠭ ᠬᠠᠶᠢᠷ᠎ᠠ ᠠᠯᠢ ᠪᠠᠶᠢᠭᠰᠠᠨ ᠢᠶᠠᠨ | ᠬᠠᠷᠠᠮ ᠦᠬᠡᠢ ᠡᠷᠬᠦᠳᠡᠭ ᠲᠡᠭᠡ ᠶᠠᠩᠬᠢᠷ ᠤᠨ ᠢᠶᠠᠨ ᠬᠠᠮᠠᠭᠠᠯᠠᠯ ᠢᠶᠠᠷ ᠲᠦᠡᠭᠬᠡᠵᠤ ᠠᠮᠢ ᠭᠤᠤᠯ ᠲᠠᠢ ᠯᠡ ᠦᠯᠡᠳᠡᠭᠰᠡᠨ | ᠡᠨᠡ ᠭᠠᠭᠴᠠ ᠡᠮ᠎ᠡ ᠶᠠᠩᠬᠢᠷ᠂ ᠤᠳᠤ ᠲᠠᠪᠤ ᠠᠷᠪᠠᠨ ᠡᠳᠦᠷ ᠲᠠᠢ ᠪᠤᠯ ᠵᠢᠷᠭᠠᠯ ᠵᠤᠪᠠᠯᠠᠩ ᠬᠤᠤᠰᠯᠠᠭᠰᠠᠨ ᠡᠨᠡ ᠬᠦ᠋ | ᠡᠷᠢᠶᠡᠨ ᠪᠠᠷᠠᠭᠠᠨ ᠶᠢᠷᠳᠢᠨᠴᠤ ᠳᠤ ᠵᠠᠶᠠᠭᠠᠬᠤ ᠪᠤᠯᠤᠭᠰᠠᠨ ᠡᠩᠬᠦᠷᠡᠢ ᠦᠷ᠎ᠡ ᠪᠠᠨ ᠬᠡᠵᠤ ᠵᠤᠪᠠᠵᠤ ᠵᠦᠳᠡᠨ ᠶᠠᠪᠤᠭ᠎ᠠ | ᠠᠵᠠᠢ᠃ | ᠲᠡᠷᠡ ᠰᠡᠬᠦᠳᠡᠷ ᠲᠠᠭᠠᠨ ᠡᠷᠬᠢᠴᠨᠨᠡ᠃ ᠤᠳᠤ ᠢᠳᠡᠬᠡᠳ ᠠᠮᠳᠠ ᠦᠬᠡᠢ᠂ ᠬᠡᠪᠳᠡᠬᠡᠳ ᠨᠤᠶᠢᠷ ᠦᠬᠡᠢ ᠪᠤᠯᠵᠠᠢ᠃ | ᠤᠰᠤ᠂ ᠲᠡᠶᠢᠮᠤ ᠡ︕ ᠤᠳᠤ ᠲᠤᠰᠤᠯ ᠤᠰᠤ ᠴᠤ ᠬᠡᠰᠡᠨ ᠤᠯᠤᠭᠠᠳ ᠤᠭᠤᠴᠢᠬᠤ ᠨᠢ ᠬᠦᠬᠡᠷᠦᠬᠦᠢ ᠡᠬᠡ ᠦᠷ᠎ᠡ | ᠬᠤᠶᠠᠷ ᠤᠨ ᠠᠮᠢ ᠭᠤᠤᠯ ᠢ ᠠᠪᠤᠷᠠᠬᠤ ᠴᠤᠷ ᠤᠨ ᠭᠠᠭᠴᠠ ᠭᠤᠷᠢᠳᠠᠯ ᠪᠤᠯᠤᠭᠰᠠᠨ ᠨᠢ ᠦᠨᠡᠨᠳᠡᠢ᠃ ᠤᠰᠤᠨ ᠳᠤ | ᠶᠠᠪᠤᠳᠠᠭ ᠵᠠᠮ ᠢᠶᠠᠨ ᠡᠮ᠎ᠡ ᠶᠠᠩᠬᠢᠷ ᠲᠤᠳᠤ ᠠᠴᠠ ᠲᠤᠳᠤ ᠴᠡᠬᠡᠵᠢᠯᠡᠵᠤ ᠪᠠᠶᠢᠨ᠎ᠠ᠃ ᠨᠢᠳᠤ ᠪᠠᠨ ᠠᠨᠢᠭᠠᠳ | ᠶᠠᠪᠤᠭᠰᠠᠨ ᠴᠤ ᠠᠳᠡᠭᠡ ᠦᠬᠡᠢ ᠬᠦᠷᠬᠦ ᠯᠡ ᠭᠠᠵᠠᠷ᠃ ᠲᠡᠬᠡᠪᠡᠴᠤ ᠲᠡᠷᠡ ᠵᠠᠮ ᠢᠶᠠᠷ ᠲᠡᠷᠡ ᠭᠠᠵᠠᠷ ᠤᠭᠳᠤ | ᠤᠴᠢᠵᠤ ᠪᠤᠯᠬᠤ ᠦᠬᠡᠢ ᠬᠡᠳᠡᠭ ᠢᠶᠠᠨ ᠲᠡᠷᠡ ᠨᠡᠩ ᠴᠤ ᠲᠤᠳᠤ ᠠᠴᠠ ᠲᠤᠳᠤ ᠮᠡᠳᠡᠨ᠎ᠡ᠃ | ᠭᠤᠷᠪᠠᠨ ᠡᠳᠦᠷ ᠤᠨ ᠯᠡ ᠡᠮᠤᠨ᠎ᠡ᠂ ᠲᠡᠭᠡ ᠶᠠᠩᠬᠢᠷ ᠤᠨ ᠢᠶᠠᠨ ᠲᠠᠭᠠᠭᠤᠯᠤᠯ ᠬᠠᠮᠠᠭᠠᠯᠠᠯ ᠢᠶᠠᠷ ᠲᠡᠷᠡ ᠯᠡ ᠵᠠᠮ ᠢᠶᠠᠷ | ᠦᠳᠡ ᠶᠢᠨ ᠤᠰᠤᠨ ᠳᠠᠭᠠᠨ ᠶᠠᠪᠤᠭᠰᠠᠨ ᠢᠶᠠᠨ ᠪᠠᠳᠤ ᠴᠡᠬᠡᠵᠢᠯᠡᠵᠤ ᠪᠠᠶᠢᠨ᠎ᠠ ᠰᠢᠣ ᠳ᠋ᠠ᠃ | ᠁ ᠲᠡᠷᠡ ᠤᠰᠤ ᠤᠤᠭᠤᠬᠤ ᠠᠭᠱᠠᠨ ᠳᠤ ᠯᠡ ᠲᠤᠤᠷᠠᠳᠤ ᠤᠷᠤᠰᠬᠠᠯ ᠤᠨ ᠲᠠᠨᠳᠡᠴᠡ ︽ᠱᠤᠷ᠂ ᠱᠤᠷ᠂ ᠱᠤᠷ | ᠁︾ ᠬᠡᠬᠦ ᠰᠤᠨᠢᠨ ᠴᠢᠮᠡᠭᠡ ᠠᠨᠢᠷ ᠲᠤᠭᠤᠯᠳᠠᠵᠤ ᠪᠠᠶᠢᠭᠰᠠᠨ ᠢᠶᠠᠨ ᠶᠡᠷᠦ ᠠᠴᠠ ᠦᠨᠦᠷᠳᠦᠭᠳᠡᠵᠤ ᠦᠵᠡᠭᠡ | ᠦᠬᠡᠢ ᠨᠢᠯᠤᠭᠤᠨ ᠮᠠᠭᠤᠬᠠᠢ ᠦᠨᠦᠷ ᠬᠠᠮᠠᠷ ᠭᠠᠳᠠᠮ᠎ᠠ ᠰᠡᠩᠬᠢᠨᠡᠵᠡᠢ᠃ ᠪᠠᠶᠢᠳᠠᠯ ᠬᠡᠴᠡᠬᠦᠳᠡᠭᠰᠡᠨ ᠢ ᠬᠤᠷᠴᠠ ᠰᠡᠷᠡᠯ | ᠢᠶᠠᠷ ᠢᠶᠠᠨ ᠪᠠᠷᠤᠭᠯᠠᠭᠰᠠᠨ ᠬᠤᠤᠰ ᠶᠠᠩᠬᠢᠷ ᠵᠡᠷᠬᠡᠳᠡ ᠪᠠᠨ ᠴᠤᠴᠢᠮᠠᠭ ᠡᠷᠬᠢᠵᠤ ᠪᠤᠷᠤ ᠮᠦᠷ ᠢᠶᠠᠷ ᠢᠶᠠᠨ ᠪᠤᠴᠠᠨ | ᠬᠠᠷᠠᠶᠢᠪᠠ ᠃ | ︽ᠭᠤᠸ᠎ᠠ ᠯᠠ᠂ ᠱᠠ ᠯᠠ ᠁︾ ᠶᠡᠷᠦ ᠰᠤᠨᠤᠰᠴᠤ ᠦᠡᠭᠬᠡᠷᠡᠭᠡ ᠦᠬᠡᠢ ᠰᠤᠨᠢᠬᠠᠨ ᠲᠠᠭᠤᠨ ᠢᠶᠠᠷ | ᠤᠷᠢᠯᠠᠯᠳᠤᠭᠰᠠᠨ ᠬᠤᠶᠠᠷ ᠬᠦᠯ ᠲᠠᠢ ᠬᠠᠷ᠎ᠠ ᠲᠤᠯᠤᠭᠠᠶᠢᠳᠤ ᠭᠤᠵᠤᠭᠤᠷ ᠠᠮᠢᠳᠠᠳ ᠠᠷᠤ ᠠᠴᠠ ᠨᠢ ᠨᠡᠬᠡᠨ ᠢᠷᠡᠬᠦ | ᠪᠦᠬᠡᠳ ︽ᠲᠦᠡᠭ ᠲᠠᠩ︾ ᠬᠡᠮᠡᠬᠦ ᠨᠦᠰᠡᠷ ᠲᠠᠭᠤᠨ ᠦᠷᠬᠦᠯᠵᠢᠯᠡᠬᠡᠳ ᠪᠠᠰᠠ ᠨᠢᠬᠡ ᠰᠤᠨᠢᠬᠠᠨ ᠦᠨᠦᠷ ᠲᠠᠢ ᠬᠦᠬᠡ | ᠴᠡᠩᠬᠡᠷ ᠤᠳᠤᠭ᠎ᠠ ᠪᠠᠶᠢᠨ ᠲᠠᠬᠢᠨ ᠰᠤᠭᠤᠨᠠᠭᠯᠠᠨ᠎ᠠ᠃ | ᠠᠭᠤᠯᠠᠨ ᠤ ᠪᠠᠷᠳᠠᠭ᠎ᠠ᠂ ᠮᠤᠳᠤᠨ ᠤ ᠢᠭ᠌ᠴᠢ ᠳᠤ ᠰᠤᠴᠢᠮᠠᠭ ᠬᠦᠶᠤᠳᠡᠯ ᠢᠶᠠᠷ ᠢᠶᠠᠨ ᠬᠤᠷᠤᠮ ᠵᠠᠭᠤᠷ᠎ᠠ ᠭᠤᠵᠤᠭᠤᠷ | ᠤᠳ ᠠᠴᠠ ᠨᠡᠯᠢᠶᠡᠳ ᠵᠠᠶᠢᠳᠠᠨ ᠠᠮᠵᠢᠬᠰᠠᠨ ᠪᠤᠯᠪᠠᠴᠤ᠂ ᠦᠵᠡᠳᠡᠯ᠎ᠡ ᠡᠮ᠎ᠡ ᠶᠠᠩᠬᠢᠷ ᠤᠨ ᠬᠡᠳᠡᠰᠤ ᠭᠠᠵᠠᠷ | ᠴᠢᠷᠦᠭᠳᠡᠮᠡ ᠪᠤᠯᠵᠤ᠂ ᠲᠤᠷᠭᠠᠨ ᠬᠦᠶᠤᠳᠠᠯ ᠨᠢ ᠮᠡᠳᠡᠭᠳᠡᠮ᠎ᠡ ᠰᠤᠯᠠᠷᠠᠭᠠᠳ᠂ ᠠᠮᠢᠰᠬᠤᠭ᠎ᠠ ᠨᠢ ᠪᠦᠭᠯᠡᠷᠡᠨ | ᠰᠦᠢᠯᠬᠢᠯᠡᠵᠤ ᠡᠬᠢᠯᠡᠯ᠎ᠡ᠃ ᠬᠠᠨᠢ ᠶᠢᠨ ᠢᠶᠠᠨ ᠵᠤᠪᠠᠯ ᠵᠦᠳᠡᠷᠡᠯ ᠢ ᠰᠡᠳᠬᠢᠯ ᠢᠶᠠᠷ ᠢᠶᠠᠨ ᠮᠡᠳᠡᠷᠡᠭᠰᠡᠨ ᠲᠡᠭᠡ ᠶᠠᠩᠬᠢᠷ᠂ | ᠵᠤᠬᠬᠢᠨ ᠬᠦᠯᠢᠬᠡᠯᠵᠡᠬᠦ᠂ ᠪᠠᠶᠡᠳᠡᠨ ᠨᠦᠷᠢᠬᠦ ᠬᠡᠬᠦᠴᠢᠯᠡᠨ ᠶᠠᠩᠵᠤ ᠶᠢᠨ ᠠᠷᠭ᠎ᠠ ᠠᠪᠤᠭᠰᠠᠨ ᠪᠤᠯᠪᠠᠴᠤ ᠶᠠᠮᠠᠷ ᠴᠤ | ᠲᠤᠰᠠ ᠪᠤᠯᠤᠭ᠎ᠠ ᠦᠬᠡᠢ᠃ ᠡᠮ᠎ᠡ ᠶᠠᠩᠬᠢᠷ ᠤᠨ ᠬᠦᠯᠦᠰᠤ ᠤᠰᠤ ᠴᠢᠪ ᠴᠢᠪ ᠲᠤᠰᠤᠯᠠᠵᠤ᠂ ᠠᠶᠤᠨ ᠰᠤᠴᠢᠭᠰᠠᠨ | ᠨᠢᠳᠤ ᠨᠢ ᠬᠦᠬᠡᠷᠦᠬᠦᠶᠢᠯᠡᠯᠳᠡᠢ ᠪᠦᠯᠳᠡᠬᠡᠨᠡᠨᠡ᠃ | ᠭᠤᠵᠣᠭᠤᠷ ᠬᠠᠷ᠎ᠠ ᠨᠤᠭᠤᠳ ᠢᠳᠡᠭ ᠢᠳᠡᠭ ᠢᠶᠠᠷ ᠤᠶᠢᠷᠠᠳᠤᠨ ᠢᠷᠡᠯ᠎ᠡ᠃ ︽ᠭᠤᠸ᠎ᠠ ᠯᠠ᠂ ᠱᠠ ᠯᠠ ᠁ | ︾ ᠤᠷᠢᠯᠠᠯᠳᠤᠬᠤ ᠲᠠᠭᠤᠨ ᠵᠤᠭᠰᠤᠭ᠎ᠠ ᠦᠬᠡᠢ᠃ ︽ᠲᠦᠡᠭ ᠲᠠᠩ᠂ ᠲᠦᠡᠭ ᠲᠠᠩ ᠁︾ ᠨᠦᠰᠡᠷ ᠲᠠᠭᠤᠨ | ᠦᠷᠬᠦᠯᠵᠢᠯᠡᠨ᠎ᠡ᠃ | ᠡᠨᠡ ᠯᠡ ᠬᠤᠷᠳᠤᠴᠠ ᠪᠠᠷ ᠠᠮᠢ ᠭᠠᠷᠤᠨ᠎ᠠ ᠬᠡᠵᠤ᠂ ᠲᠡᠷᠡ ᠬᠤᠯᠠ ᠲᠡᠭᠷᠢ ᠤᠶᠢᠷ᠎ᠠ ᠪᠣᠯᠣᠭᠰᠠᠨ ᠬᠡᠳᠡᠭ ᠢ ᠲᠡᠭᠡ | ᠶᠠᠩᠬᠢᠷ ᠡᠷᠡᠬᠦᠯ ᠤᠬᠠᠭᠠᠨ ᠳᠠᠭᠠᠨ ᠪᠤᠳᠤᠵᠤ ᠠᠮᠵᠢᠵᠠᠢ᠃ ᠲᠡᠷᠡ ᠦᠬᠦᠨ ᠬᠠᠭ᠋ᠤᠨ ᠠᠮᠢ ᠵᠢᠭᠤᠳᠠᠭᠠ ᠨᠠᠰᠤᠨ ᠤ | ᠬᠠᠨᠢ ᠶᠢᠨ ᠢᠶᠠᠨ ᠬᠦᠬᠡᠷᠦᠬᠦᠢ ᠲᠦᠷᠢ ᠶᠢ ᠬᠠᠷᠠᠵᠤ᠂ ᠶᠢᠷᠳᠢᠨᠴᠤ ᠶᠠᠮᠠᠷ ᠢ ᠮᠡᠳᠡᠬᠦ ᠵᠠᠪ ᠦᠬᠡᠢ ᠦᠬᠦᠯ ᠮᠦᠬᠦᠯ ᠳᠤ | ᠲᠤᠯᠭᠠᠷᠠᠭᠰᠠᠨ ᠡᠩᠬᠦᠷᠡᠢ ᠦᠷ᠎ᠡ ᠪᠠᠨ ᠪᠤᠳᠤᠭᠠᠳ ᠡᠷ᠎ᠡ ᠪᠤᠯᠬᠤ ᠶᠢᠨ ᠬᠠᠷᠢᠭᠤᠴᠠᠯᠭ᠎ᠠ᠂ ᠡᠴᠢᠬᠡ ᠰᠠᠭᠤᠬᠤ ᠶᠢᠨ | ᠡᠬᠦᠷᠬᠡ ᠪᠠᠨ ᠡᠷᠬᠡᠪᠰᠢ ᠬᠦᠢᠴᠡᠳᠬᠡᠬᠦ ᠴᠠᠭ ᠤᠳᠤ ᠪᠤᠯᠤᠭᠰᠠᠨ ᠬᠡᠳᠡᠭ ᠢᠶᠠᠨ ᠬᠡᠨ ᠢᠶᠠᠷ ᠴᠤ ᠬᠡᠯᠡᠬᠦᠯᠬᠦ ᠦᠬᠡᠢ | ᠤᠬᠠᠭᠠᠷᠠᠵᠠᠢ᠃ | ᠲᠡᠳᠡ ᠠᠭᠤᠯᠠᠨ ᠪᠠᠯ ᠤᠨ ᠬᠠᠮᠤᠭ ᠢᠭ᠌ᠴᠢ ᠰᠠᠬᠤᠯᠢᠭ ᠬᠠᠷᠠᠭᠠᠨ᠎ᠠ ᠤᠯᠠᠭᠠᠪᠤᠷ ᠲᠠᠢ ᠭᠠᠵᠠᠷ ᠬᠦᠷᠴᠤ ᠢᠷᠡᠯ᠎ᠡ᠃ | ᠤᠳᠤ ᠡᠬᠦᠨ ᠳᠤ ᠯᠡ ᠠᠷᠭ᠎ᠠ ᠬᠢᠬᠦ ᠴᠢᠬᠤᠯᠠ ᠲᠠᠢ ᠬᠡᠮᠡᠨ ᠰᠢᠢᠳᠦᠭᠰᠡᠨ ᠲᠡᠭᠡ ᠶᠠᠩᠬᠢᠷ ᠴᠢᠭᠯᠡᠯ ᠢᠶᠠᠨ ᠦᠬᠡᠷᠡᠴᠢᠯᠡᠵᠤ | ᠂ ᠵᠡᠬᠦᠨ ᠵᠦᠭ ᠰᠢᠷᠭᠤᠯᠠᠨ ᠤᠷᠤᠭᠠᠳ ᠠᠷᠪᠠᠭᠠᠳ ᠮᠧᠲᠷ ᠶᠠᠪᠤᠭᠰᠠᠨ ᠢᠶᠠᠨ ᠵᠦᠳᠡᠬᠦᠤ ᠯᠡ ᠲᠠᠭᠠᠵᠤ ᠰᠦᠢᠯᠬᠢᠯᠡᠵᠤ | ᠢᠷᠡᠭᠰᠡᠨ ᠡᠮ᠎ᠡ ᠶᠠᠩᠬᠢᠷ ᠢ ᠬᠦᠡᠭᠬᠡᠬᠡᠨ ᠶᠤᠪᠤᠷᠤᠮᠠᠭᠴᠠ᠂ ᠲᠡᠷᠡ ᠨᠢ ᠪᠡᠶ᠎ᠡ ᠳᠡᠭᠡᠨ ᠡᠵᠡᠨ ᠪᠤᠯᠵᠤ ᠲᠡᠶᠢᠯᠦᠯ ᠦᠬᠡᠢ | ᠤᠯᠠᠭᠠᠪᠤᠷ ᠤᠨ ᠤᠭ ᠲᠤ ᠰᠢᠷᠭᠤᠴᠢᠨ ᠤᠨᠠᠪᠠ᠃ ᠲᠡᠭᠡ ᠶᠠᠩᠬᠢᠷ᠂ ᠡᠩᠬᠦᠷᠡᠢ ᠬᠠᠨᠢ ᠪᠠᠨ ᠬᠠᠶᠢᠷᠠᠯᠠᠵᠤ ᠰᠠᠨᠠᠭᠰᠠᠨ᠂ | ᠰᠠᠯᠵᠤ ᠶᠠᠳᠠᠭᠰᠠᠨ ᠵᠦᠷᠢᠴᠡᠯᠳᠦ ᠰᠡᠳᠬᠢᠯᠭᠡ ᠪᠠᠷ ᠬᠡᠰᠡᠭ ᠵᠠᠭᠤᠷ᠎ᠠ ᠦᠨᠦᠷᠯᠡᠭᠡᠳ ᠬᠦᠯ ᠢᠶᠠᠨ ᠨᠢᠬᠡ ᠨᠢᠬᠡ ᠪᠠᠷ | ᠵᠦᠬᠡᠬᠡᠨ ᠠᠭᠠᠵᠢᠮ ᠤᠬᠤᠷᠢᠭᠰᠠᠨ ᠢᠶᠠᠨ ᠬᠡᠨᠡᠳᠳᠡ ᠤᠭᠵᠤᠮ ᠡᠷᠬᠢᠵᠤ᠂ ᠮᠤᠳᠤ ᠰᠢᠭᠤᠢ ᠶᠢᠨ ᠲᠤᠮᠳᠠᠭᠤᠷ | ᠰᠢᠷᠭᠤᠴᠢᠨ ᠵᠦᠭ ᠪᠤᠷᠤᠭᠤᠯᠠᠨ ᠲᠡᠬᠦᠯᠢᠭᠰᠡᠭᠡᠷ ᠤᠳᠠᠵᠤ ᠲᠦᠳᠡᠯ ᠦᠬᠡᠢ ᠠᠯᠠᠭ᠎ᠠ ᠪᠤᠯᠵᠠᠢ᠃ ᠡᠮ᠎ᠡ ᠶᠠᠩᠬᠢᠷ | ᠬᠠᠶᠢᠷᠠᠳᠤ ᠢᠵᠢᠯᠢ ᠶᠢᠨ ᠢᠶᠠᠨ ᠬᠤᠶᠢᠨ᠎ᠠ ᠠᠴᠠ ᠶᠠᠪᠤᠬᠤ ᠬᠡᠮᠡᠨ ᠦᠨᠳᠡᠯᠵᠡᠭᠰᠡᠨ ᠪᠤᠯᠪᠠᠴᠤ᠂ ᠮᠠᠭᠤᠳᠠᠵᠤ ᠵᠦᠳᠡᠭᠰᠡᠨ | ᠬᠦᠨᠳᠤ ᠪᠠᠶ᠎ᠡ ᠪᠠᠨ ᠡᠷᠬᠦᠵᠤ ᠲᠡᠶᠢᠯᠦᠯ ᠦᠬᠡᠢ ᠤᠭ ᠤᠷᠤᠨ ᠳᠠᠭᠠᠨ ᠨᠤᠭᠳᠤᠰᠬᠢᠵᠡᠢ᠃ ᠲᠡᠬᠦᠨ ᠤ ᠨᠤᠮᠤᠬᠠᠨ ᠪᠤᠷᠤ | ᠨᠢᠳᠤᠨ ᠠᠴᠠ ᠪᠦᠳᠦᠬᠦᠨ ᠪᠦᠳᠦᠬᠦᠨ ᠨᠢᠯᠪᠤᠰᠤᠨ ᠲᠤᠰᠤᠯ ᠰᠤᠪᠤᠳ ᠤᠨ ᠬᠡᠯᠬᠢᠶ᠎ᠡ ᠰᠢᠣᠬᠠᠨ ᠪᠦᠮᠪᠦᠷᠢᠯ᠎ᠡ᠃ | ᠲᠡᠬᠡᠳᠡᠯ᠎ᠡ ᠮᠠᠭᠤᠬᠠᠢ ᠨᠢᠯᠤᠭᠤᠨ ᠦᠨᠦᠷ ᠨᠡᠩ ᠠᠶᠢᠬᠤᠪᠳᠤᠷ ᠪᠤᠯᠵᠤ᠂ ︽ᠭᠤᠸ᠎ᠠ ᠯᠠ᠂ ᠱᠠ ᠯᠠ ᠁︾ ᠬᠡᠵᠤ | ᠤᠷᠢᠯᠠᠯᠳᠤᠬᠤ ᠲᠠᠭᠤᠨ ᠵᠠᠬ᠎ᠠ ᠳᠤᠨᠢ ᠲᠤᠯᠵᠤ ᠢᠷᠡᠮᠡᠷ ᠪᠤᠯᠤᠯ᠎ᠠ᠃ ᠡᠮ᠎ᠡ ᠶᠠᠩᠬᠢᠷ ᠨᠢᠳᠤ ᠪᠠᠨ ᠠᠨᠢᠨ ᠠᠮᠢᠰᠬᠤᠯ | ᠢᠶᠠᠨ ᠲᠠᠷᠤᠭᠠᠳ᠂ ᠪᠦᠳᠦᠬᠦᠨ ᠬᠡᠳᠡᠰᠤ ᠪᠠᠨ ᠨᠢᠭᠤᠨ ᠲᠠᠯᠳᠠᠯᠠᠬᠤ ᠬᠡᠰᠡᠨ ᠰᠢᠭ ᠤᠯᠠᠭᠠᠪᠤᠷ ᠤᠨ ᠤᠭ ᠤᠷᠤᠭᠤ | ᠠᠳᠤᠷᠢᠨ ᠰᠢᠷᠬᠢᠪᠡ᠃ | ᠲᠡᠷᠡ ᠲᠤᠳᠤᠷ᠎ᠠ ᠪᠠᠨ ︽ᠡᠴᠢᠬᠡ ᠲᠡᠭᠷᠢ ᠮᠢᠨᠢ᠂ ᠡᠬᠡ ᠲᠡᠯᠡᠬᠡᠢ ᠮᠢᠨᠢ︕ ᠨᠤᠳᠤᠭ ᠢᠶᠠᠨ ᠰᠠᠬᠢᠵᠤ ᠨᠤᠭᠤᠯᠤᠭᠤᠷ | ᠢᠶᠠᠨ ᠢᠳᠡᠬᠡᠳ᠂ ᠠᠮᠢ ᠭᠤᠤᠯ ᠢᠶᠠᠨ ᠯᠡ ᠡᠪᠯᠡᠬᠦᠯᠵᠤ ᠪᠠᠶᠢᠭ᠎ᠠ ᠦᠴᠦᠬᠡᠨ ᠦᠷ᠎ᠡ ᠪᠠᠨ ᠦᠷᠦᠬᠡᠯ ᠤᠨ ᠡᠷᠬᠡᠨ ᠳᠤ | ᠤᠷᠤᠭᠤᠯᠵᠤ᠂ ᠦᠬᠦᠯ ᠤᠨ ᠵᠤᠪᠠᠯᠠᠩ ᠠᠮᠰᠠᠭᠤᠯᠤᠨ᠎ᠠ ᠬᠡᠵᠤ ᠤᠤ ᠳ᠋ᠠ︖ ᠬᠠᠯᠠᠭᠤᠨ ᠡᠩᠬᠡᠷ ᠪᠦᠯᠢᠶᠡᠨ ᠰᠢᠷᠦᠢ | ᠳᠤ ᠴᠢᠨᠢ ᠤᠨᠠᠵᠤ ᠢᠷᠡᠬᠦ ᠵᠠᠪ ᠪᠤᠯᠤᠭ᠎ᠠ ᠦᠬᠡᠢ ᠦᠷ᠎ᠡ ᠪᠠᠨ ᠬᠠᠷᠬᠢᠰ ᠲᠡᠭᠡᠷᠡᠮ ᠤᠨ ᠬᠠᠷ᠎ᠠ ᠰᠠᠪᠠᠷ ᠲᠤ | ᠦᠷᠳᠦᠬᠦᠯᠦᠨ᠂ ᠬᠠᠨᠣᠵᠣ ᠴᠠᠳᠣᠰᠢ ᠦᠬᠡᠢ ᠬᠤᠪᠳᠤᠭ ᠰᠢᠨᠣᠯ ᠢ ᠨᠢ ᠲᠠᠶᠢᠯᠠᠬᠤ ᠬᠡᠵᠤ ᠤᠤ ᠳ᠋ᠠ ᠁ ᠬᠠᠨ | ᠬᠠᠶᠢᠷᠬᠠᠨ ᠮᠢᠨᠢ ᠡ︕ ᠬᠠᠪᠴᠢᠯ ᠵᠢᠯᠠᠭ᠎ᠠ ᠮᠢᠨᠢ︾ ᠬᠡᠵᠤ ᠡᠮ᠎ᠡ ᠶᠠᠩᠬᠢᠷ ᠡᠮᠬᠡᠨᠢᠨ ᠵᠠᠯᠪᠠᠷᠢᠨ᠎ᠠ᠃ | ︽ᠭᠤᠸ᠎ᠠ ᠯᠡ᠂ ᠱᠠ ᠯᠠ ᠁ ᠭᠤᠸ᠎ᠠ ᠯᠠ᠂ ᠱᠠ ᠯᠠ ᠁︾ ᠭᠤᠵᠤᠭᠤᠷ ᠬᠠᠷ᠎ᠠ ᠨᠤᠭᠤᠳ ᠦᠮᠡᠬᠡᠢ | ᠨᠢᠯᠤᠭᠤᠨ ᠦᠨᠦᠷ ᠢᠶᠠᠨ ᠰᠡᠩᠬᠢᠨᠡᠬᠦᠯᠦᠭᠰᠡᠬᠡᠷ ᠡᠮ᠎ᠡ ᠶᠠᠩᠬᠢᠷ ᠠᠴᠠ ᠬᠡᠳᠦᠬᠡᠨ ᠠᠯᠬᠤᠮ ᠤᠨ ᠲᠡᠷᠳᠡᠭᠡ ᠤᠷᠢᠯᠠᠵᠤ | ᠴᠢᠷᠠᠯᠠᠵᠤ ᠪᠠᠶᠢᠭᠰᠠᠨ ᠢᠶᠠᠨ ᠶᠠᠭᠤ ᠪᠤᠯᠤᠭᠰᠠᠨ ᠢ ᠪᠤᠤ ᠮᠡᠳᠡ ᠬᠡᠨᠡᠳᠳᠡ ᠡᠰᠡᠷᠬᠦ ᠴᠢᠭᠯᠡᠯ ᠢ ᠪᠠᠷᠢᠨ ᠬᠤᠷᠳᠤᠯᠠᠨ | ᠬᠤᠯᠠᠳᠤᠯ᠎ᠠ᠃ | ᠡᠴᠢᠬᠡ ᠲᠡᠭᠷᠢ ᠡᠬᠡ ᠲᠡᠯᠡᠬᠡᠢ ᠮᠢᠨᠢ ᠡᠨᠡᠷᠢᠯ ᠬᠠᠶᠢᠷᠠᠯᠠᠵᠠᠢ᠃ ᠡᠨᠡᠯᠵᠤ ᠰᠢᠨᠠᠯᠤᠭᠰᠠᠨ ᠦᠷ᠎ᠡ ᠪᠠᠨ ᠦᠬᠦᠯ ᠤᠨ ᠲᠠᠮᠤ | ᠠᠴᠠ ᠠᠪᠤᠷᠠᠵᠠᠢ᠃ ᠦᠷ᠎ᠡ ᠪᠠᠨ ᠬᠡᠰᠡᠨ ᠡᠮ᠎ᠡ ᠶᠠᠩᠬᠢᠷ ᠶᠠᠭᠤ ᠪᠤᠯᠤᠭᠰᠠᠨ ᠴᠦ ᠵᠢᠭᠠᠬᠠᠨ ᠰᠠᠨᠠᠭ᠎ᠠ ᠠᠮᠠᠷᠠᠵᠤ ᠠᠪᠤᠯ᠎ᠠ | ᠃ | ︽ᠲᠦᠡᠭ ᠲᠠᠩ᠂ ᠲᠦᠡᠭ ᠲᠠᠩ ᠁︾ ᠦᠨᠦ ᠨᠦᠰᠡᠷ ᠲᠠᠭᠤᠨ ᠡᠰᠡᠷᠬᠦ ᠲᠠᠯ᠎ᠠ ᠶᠢᠨ ᠬᠠᠳᠠᠨ ᠤ ᠲᠠᠨᠳᠡ ᠠᠴᠠ | ᠲᠠᠬᠢᠨᠳᠠ ᠰᠤᠨᠤᠰᠳᠠᠪᠠ᠃ | ︽ᠬᠠᠶᠢᠷᠠᠳᠤ ᠬᠠᠨᠢ — ᠲᠡᠭᠡ ᠶᠠᠩᠬᠢᠷ︾ ᠬᠡᠮᠡᠬᠦ ᠪᠤᠳᠤᠯ ᠰᠠᠶ᠋ᠢᠬᠠᠨ ᠠᠮᠤᠷᠵᠢᠵᠤ ᠠᠪᠤᠭᠰᠠᠨ ᠡᠮ᠎ᠡ ᠶᠠᠩᠬᠢᠷ ᠤᠨ | ᠪᠤᠳᠤᠯ ᠳᠤ ᠬᠠᠷᠪᠤᠨ ᠤᠷᠤᠬᠤ ᠪᠠᠷ ᠲᠠᠬᠢᠭᠠᠳ ᠬᠠᠭᠠᠴᠠᠯ ᠵᠤᠪᠠᠯ ᠤᠨ ᠮᠠᠨᠠᠨ ᠪᠦᠬᠦ ᠰᠠᠨᠠᠭ᠎ᠠ ᠰᠡᠳᠬᠢᠯ ᠢ ᠨᠢ | ᠪᠦᠷᠬᠦᠨ ᠢᠷᠡᠯ᠎ᠡ᠃ ᠲᠡᠷᠡ ᠬᠠᠳᠠᠭᠤᠵᠢᠨ ᠪᠤᠰᠤᠭᠠᠳ ᠠᠭᠤᠯᠠ ᠦᠬᠡᠳᠡ ᠦᠭᠰᠤᠨ ᠬᠦᠴᠢᠷᠳᠡᠶᠢᠬᠡᠨ ᠱᠤᠭᠰᠢᠵᠤ᠂ | ︽ᠲᠡᠷᠡ ᠮᠢᠨᠢ ᠶᠠᠭᠠᠬᠢᠭ᠎ᠠ ᠪᠤᠯ︖ ᠬᠠᠷ᠎ᠠ ᠠᠶᠤᠯ ᠠᠴᠠ ᠬᠡᠯᠳᠦᠷᠢᠭᠰᠡᠨ ᠪᠤᠯ ᠤᠤ︖︾ ᠬᠡᠮᠡᠨ ᠰᠠᠨᠠᠨ ᠰᠠᠨᠠᠨ | ᠬᠤᠷᠳᠤᠯᠠᠨ᠎ᠠ᠃ ᠲᠡᠷᠡ ᠢᠭ᠌ᠴᠢ ᠤᠢ ᠮᠤᠳᠤᠨ ᠠᠴᠠ ᠰᠢᠷᠭᠤᠯᠠᠨ ᠭᠠᠷᠤᠮᠠᠭᠴᠠ᠂ ᠡᠰᠡᠷᠬᠦ ᠲᠠᠯ᠎ᠠ ᠶᠢᠨ ᠠᠭᠤᠯᠠ | ᠦᠬᠡᠳᠡ ᠬᠦᠰᠡᠯ ᠭᠤᠷᠢᠳᠠᠯ ᠤᠨ ᠬᠠᠷᠠᠴᠠ ᠬᠦᠶᠦᠯᠬᠡᠯᠡ᠃ | ᠦᠨᠡᠨ ᠢ ᠬᠡᠯᠡᠬᠦ ᠳᠤ ᠲᠡᠭᠡ ᠶᠠᠩᠬᠢᠷ ᠢᠭ᠌ᠴᠢ ᠬᠠᠷᠭᠠᠨ᠎ᠠ᠂ ᠰᠠᠬᠤᠯᠢᠭ ᠤᠯᠠᠭᠠᠪᠤᠷ ᠢᠶᠠᠷ ᠲᠠᠮᠵᠢᠨ ᠠᠰ ᠲᠡᠭᠡᠭᠰᠢ | ᠤᠷᠬᠢᠯ ᠦᠬᠡᠳᠡ ᠶᠠᠪᠤᠪᠠᠯ ᠲᠠᠮᠡᠢ ᠬᠡᠳᠤᠨ ᠵᠠᠭᠤᠨ ᠠᠯᠬᠤᠮ ᠬᠦᠶᠦᠬᠦ ᠦᠬᠡᠢ ᠠᠭᠤᠯᠠ ᠶᠢ ᠲᠠᠪᠠᠨ ᠴᠢᠨᠠᠬᠰᠢ ᠭᠠᠷᠴᠤ | ᠡᠰᠡᠨ ᠮᠡᠨᠳᠤ ᠠᠮᠢ ᠭᠠᠷᠴᠤ ᠪᠤᠯᠬᠤ ᠶᠢ ᠴᠠᠭᠠᠨ᠎ᠠ ᠨᠢ ᠭᠠᠷᠳᠠᠯ᠎ᠠ ᠮᠡᠳᠡᠵᠤ ᠪᠠᠶᠢᠯ᠎ᠠ᠃ ᠬᠡᠳᠡᠯ᠎ᠡ ᠲᠡᠬᠦᠨ ᠳᠤ ᠭᠠᠭᠴᠠ | ᠬᠠᠷ᠎ᠠ ᠠᠮᠢ ᠪᠠᠨ ᠯᠡ ᠪᠤᠷᠤᠯᠠᠭᠤᠯᠬᠤ ᠤᠨᠴᠠ ᠡᠷᠬᠡ ᠬᠡᠵᠤ ᠶᠠᠭᠠᠬᠢᠭᠰᠠᠨ ᠴᠤ ᠪᠠᠶᠢᠵᠤ ᠴᠢᠳᠠᠭᠰᠠᠨ ᠦᠬᠡᠢ᠃ | ᠬᠠᠷᠢᠨ ᠡᠮ᠎ᠡ ᠦᠷ᠎ᠡ ᠪᠠᠨ ᠬᠠᠮᠠᠭᠠᠯᠠᠬᠤ᠂ ᠡᠷᠦᠬᠡ ᠬᠡᠷ ᠲᠡᠭᠡᠨ ᠬᠠᠷᠢᠭᠤᠴᠠᠬᠤ ᠦᠨᠡᠨᠴᠢ ᠬᠠᠶᠢᠷ᠎ᠠ᠂ ᠠᠮᠢᠳᠠᠨ | ᠭᠤᠤᠯᠳᠠᠨ ᠳᠤ ᠪᠤᠷᠬᠠᠨ ᠠᠴᠠ ᠵᠠᠶᠠᠭᠠᠭᠰᠠᠨ ᠠᠪᠢᠶᠠᠰ ᠯᠡ ᠲᠡᠬᠦᠨ ᠢ ᠤᠢ ᠮᠤᠳᠤ ᠰᠡᠶᠢᠷᠡᠭ ᠢᠯᠡ ᠭᠠᠵᠠᠷ ᠢ | ᠰᠤᠩᠭᠤᠨ ᠪᠠᠷᠠᠭᠤᠨ ᠠᠭᠤᠯᠠ ᠶᠢᠨ ᠨᠠᠭᠠᠳᠤ ᠬᠠᠯᠴᠠᠭᠠᠢ ᠬᠠᠵᠠᠭᠤ ᠦᠬᠡᠳᠡ ᠬᠠᠷᠠᠶᠢᠯᠭᠠᠵᠤ᠂ ᠭᠤᠵᠤᠭᠤᠷ ᠤᠳ ᠤᠨ | ᠬᠠᠷᠠᠯᠳᠠ ᠶᠢ ᠪᠡᠶ᠎ᠡ ᠵᠦᠭ ᠢᠶᠠᠨ ᠰᠢᠯᠵᠢᠬᠦᠯᠦᠨ ᠠᠪᠤᠭᠰᠠᠨ ᠪᠠᠶᠢᠵᠠᠢ᠃ | ︽ᠠ ︕ ᠲᠠ᠊ — ᠷᠠ ᠪᠠᠶᠢᠨ᠎ᠠ᠃ ᠬᠠᠨᠢ ᠮᠢᠨᠢ︕︾ | ︽ᠢᠱᠢ︕ ᠴᠢ ᠮᠢᠨᠢ ᠶᠠᠭᠤ ᠬᠡᠳ ᠲᠠᠯᠳᠠᠭᠠ ᠦᠬᠡᠢ ᠢᠯᠡ ᠭᠠᠵᠠᠷ ᠦᠬᠡᠳᠡ ᠬᠦᠷᠦᠳᠡᠭ ᠶᠤᠮ ᠳ᠋ᠠ︖ ᠲᠡᠷᠡ | ᠭᠤᠵᠤᠭᠤᠷ ᠤᠳ ᠁ ᠠᠢ︕ ᠲᠡᠶᠢᠮᠤ ᠪᠢᠰᠢ ᠡ ᠁ ᠡᠬᠡ ᠦᠷ᠎ᠡ ᠪᠢᠳᠡᠨ ᠢ ᠯᠡ ᠬᠡᠳ ᠁︾ | ᠬᠡᠬᠦᠴᠢᠯᠡᠨ ᠡᠯᠳᠡᠪ ᠡᠰᠡᠨ ᠢᠶᠠᠷ ᠢᠭᠳᠦᠯᠡᠨ ᠪᠤᠳᠤᠭᠰᠠᠨ ᠡᠮ᠎ᠡ ᠶᠠᠩᠬᠢᠷ ᠤᠨ ᠲᠤᠷᠮᠤᠭᠤᠷ ᠨᠢᠳᠤᠨ ᠠᠴᠠ ᠲᠠᠬᠢᠭᠠᠳ | ᠰᠤᠪᠤᠳ ᠤᠨ ᠬᠡᠯᠬᠢᠶ᠎ᠡ ᠰᠤᠪᠤᠷᠠᠨ ᠪᠠᠭᠤᠵᠠᠢ᠃ | |