ᠬᠠᠷ᠎ᠠ ᠡᠭᠦᠯᠡᠰ ᠬᠤᠮᠣᠷᠭᠠᠯᠠᠨ ᠡᠪᠬᠡᠷᠦᠯᠳᠦᠭᠡᠳ ᠬᠤᠷᠮᠣᠰᠳᠠ ᠲᠡᠭᠷᠢ ᠠᠶᠣᠩᠭᠠᠯᠠᠨ ᠴᠠᠬᠢᠯᠣᠨᠠ᠃ | ᠬᠠᠷᠠᠵᠦ ᠪᠠᠶᠢᠳᠠᠯ᠎ᠠ ᠲᠣᠭᠰᠢᠨ ᠪᠣᠷᠣᠭᠠᠨ ᠰᠠᠭᠤᠯᠠᠭ᠎ᠠ ᠰᠠᠪᠠ ᠪᠠᠷ ᠴᠢᠳᠬᠤᠵᠣ ᠪᠠᠶᠢᠬᠤ ᠰᠢᠭ᠋ ᠠᠰᠬᠠᠷᠠᠭᠤᠯᠵᠣ | ᠪᠠᠶᠢᠭᠰᠠᠨ ᠢᠶᠠᠨ ᠦᠨᠳᠡᠭᠡᠨ ᠴᠢᠨᠡᠭᠡᠨ ᠮᠦᠨᠳᠦᠷ ᠪᠣᠯᠵᠣ ᠬᠤᠪᠢᠷᠠᠭᠠᠳ ᠬᠠᠶᠢᠷ᠎ᠠ ᠨᠠᠶᠢᠷ ᠦᠭᠡᠢ ᠴᠣᠬᠢᠯᠠᠵᠦ ᠢᠷᠡᠪᠡ᠃ | | ᠮᠦᠨᠳᠦᠷ ᠲᠤ ᠴᠣᠬᠢᠭᠤᠯᠣᠭᠰᠠᠨ ᠵᠣᠯᠵᠠᠭ᠎ᠠ ᠰᠢᠪᠠᠭᠤᠳ ᠭᠠᠰᠠᠯᠠᠩᠳᠠᠶᠢᠬᠠᠨ ᠭᠠᠭᠠᠯᠠᠭᠰᠠᠭᠠᠷ ᠲᠠᠯᠪᠠᠯᠵᠠᠨ ᠣᠨᠠᠵᠦ | ᠪᠠᠶᠢᠬᠤ ᠳᠤ ᠠᠶᠠᠨ ᠵᠠᠮ ᠤᠨ ᠶᠠᠳᠠᠷᠠᠭ᠎ᠠ᠂ ᠠᠶᠣᠣᠯᠢᠬᠠᠢ ᠴᠡᠭᠡᠵᠢᠨ ᠤ ᠭᠠᠰᠢᠭᠤᠳᠠᠯ᠂ ᠠᠭᠠᠳᠠᠷ ᠪᠣᠷᠣᠭᠠᠨ ᠤ | ᠴᠣᠬᠢᠯᠳᠠ ᠵᠡᠷᠭᠡ ᠳᠤ ᠲᠠᠪᠬᠤᠷ ᠲᠠᠪᠬᠤᠷ ᠣᠨᠣᠭᠳᠠᠭᠰᠠᠨ ᠬᠦᠭᠰᠢᠨ ᠰᠢᠪᠠᠭᠤᠳ ᠴᠦ ᠨᠢᠭᠡ ᠬᠤᠶᠠᠷ ᠢᠶᠠᠷ ᠬᠤᠶᠢᠨ᠎ᠠ | ᠬᠤᠶᠢᠨ᠎ᠠ ᠠᠴᠠ ᠪᠠᠨ ᠴᠢᠮᠡᠭᠡ ᠢᠮᠡᠭᠡ ᠦᠭᠡᠢ ᠣᠶᠢᠴᠢᠵᠦ ᠪᠠᠶᠢᠯ᠎ᠠ᠃ | | ᠠᠭᠠᠳᠠᠷ ᠪᠣᠷᠣᠭᠠᠨ ᠠᠭᠠᠵᠢᠮᠬᠠᠨ ᠠᠷᠢᠯᠵᠦ᠂ ᠲᠣᠭᠰᠢᠨ ᠮᠦᠨᠳᠦᠷ ᠲᠦᠷ ᠵᠣᠭᠰᠣᠪᠠ᠃ | ᠰᠢᠪᠠᠭᠤᠳ ᠤᠨ ᠰᠦᠷᠦᠭ ᠶᠠᠭᠠᠬᠢᠬᠤ ᠶᠢᠨ ᠠᠷᠭ᠎ᠠ ᠦᠭᠡᠢ ᠰᠢᠩᠭᠡᠷᠡᠨ ᠴᠦᠬᠡᠭᠡᠷᠡᠵᠡᠢ᠃ ᠰᠢᠷᠬ᠎ᠠ ᠲᠠᠢ ᠵᠢᠭᠦᠷ | ᠰᠣᠷᠪᠢ ᠲᠠᠢ ᠪᠡᠶ᠎ᠡ ᠶᠢᠨ ᠢᠶᠠᠨ ᠡᠪᠡᠳᠴᠦ ᠬᠠᠪᠣᠳᠬᠤ ᠶᠢ ᠲᠡᠰᠪᠦᠷᠢᠯᠡᠨ᠂ ᠦᠯᠦᠰᠬᠦ ᠶᠢᠨ ᠭᠠᠴᠢᠭᠳᠠᠯ ᠶᠠᠳᠠᠷᠠᠬᠤ | ᠶᠢᠨ ᠲᠣᠶᠢᠯ ᠤᠨ ᠲᠠᠪᠬᠤᠷ ᠲᠠᠪᠬᠤᠷ ᠵᠣᠪᠠᠯᠠᠩ ᠢ ᠠᠷᠭᠠᠴᠠᠨ ᠨᠢᠰᠦᠯᠳᠦᠬᠦ ᠵᠠᠯᠠᠭᠤᠬᠠᠨ ᠰᠢᠪᠠᠭᠤᠳ ᠲᠤ ᠣᠳᠣ ︽ | ᠵᠢᠷᠭᠠᠯ ᠤᠨ ᠣᠷᠳᠣᠨ — ᠳ᠋ᠧᠪᠡᠵᠡᠨ︾ ᠢ ᠪᠢᠰᠢ ᠬᠠᠷᠢᠨ ︽ᠵᠢᠭᠦᠷ ᠠᠮᠠᠷᠠᠭᠤᠯᠬᠤ ᠵᠢᠭᠠᠬᠠᠨ ᠭᠠᠵᠠᠷ︾ ᠲᠠᠭᠠᠷᠠᠭᠠᠳ | ︽ᠦᠯ ᠲᠠᠷᠣᠬᠤ ᠦᠴᠦᠬᠡᠨ ᠶᠠᠭᠤᠮ᠎ᠠ︾ ᠣᠯᠬᠤ ᠯᠡ ᠬᠠᠮᠤᠭ ᠶᠡᠭᠡ ᠭᠤᠷᠢᠳᠠᠯ ᠪᠣᠯᠵᠣ ᠦᠯᠡᠳᠡᠵᠡᠢ᠃ ᠬᠦᠭᠰᠢᠨ | ᠰᠢᠪᠠᠭᠤᠳ ᠠᠴᠠ ᠦᠷ᠎ᠡ ᠶᠢᠨ ᠭᠠᠭᠴᠠ ᠡᠪᠦᠭᠡᠨ ᠠᠬᠠᠯᠠᠭᠴᠢ ᠯᠡ ᠬᠠᠰᠢᠷ ᠰᠠᠭᠤᠭᠰᠠᠨ ᠬᠠᠭᠤᠴᠢᠨ ︽ᠭᠠᠷ︾ | ᠭᠡᠰᠡᠨ ᠢᠶᠠᠷ ᠢᠶᠠᠨ ᠦᠦ ᠡᠰᠡᠬᠦᠯ᠎ᠡ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠵᠦ ᠲᠡᠶᠢᠯᠦᠭᠡ ᠦᠭᠡᠢ ᠬᠡᠮᠡᠨ ᠰᠢᠳᠦ | ᠵᠠᠭᠤᠭᠰᠠᠨ ᠤ ᠦᠦ ᠪᠣᠣ ᠮᠡᠳᠡ ᠵᠦᠳᠡᠭᠦᠬᠡᠨ ᠠᠮᠢ ᠲᠠᠢ ᠦᠯᠡᠳᠡᠭᠡᠳ ᠰᠦᠷᠦᠭ ᠤᠨ ᠢᠶᠠᠨ ᠬᠤᠶᠢᠨ᠎ᠠ ᠠᠴᠠ | ᠵᠣᠪᠠᠭᠤᠷᠢᠳᠠᠶᠢᠬᠠᠨ ᠲᠡᠪᠢᠵᠦ ᠪᠠᠶᠢᠪᠠ᠃ | ᠬᠦᠭᠡ ᠲᠡᠭᠷᠢ ᠬᠦᠭᠡᠮᠳᠦᠭ ᠲᠠᠯᠠᠢ ᠵᠠᠯᠭᠠᠯᠳᠣᠭᠠᠳ ᠬᠦᠪᠡᠭᠡ ᠬᠢᠵᠠᠭᠠᠷ ᠦᠭᠡᠢ᠃ | ᠢᠯᠠᠭᠳᠠᠨ ᠣᠬᠤᠷᠢᠭᠰᠠᠨ ᠣᠲᠠᠷᠢᠶᠠᠲ ᠤᠨ ᠡᠷᠡᠮᠳᠡᠭ ᠵᠡᠷᠡᠮᠳᠡᠭ ᠴᠡᠷᠢᠭ ᠤᠳ ᠰᠢᠭ ᠰᠢᠪᠠᠭᠤᠳ ᠤᠨ ᠰᠦᠷᠦᠭ | ᠡᠮᠬᠢ ᠵᠠᠮᠪᠠᠷᠠᠭ᠎ᠠ ᠪᠠᠨ ᠠᠯᠳᠠᠭᠰᠠᠨ ᠠᠪᠠᠴᠦ ᠭᠠᠰᠢᠭᠤᠳᠠᠯ ᠭᠠᠩᠰᠠᠷᠠᠯ ᠤᠨ ᠠᠶᠠᠰ ᠲᠠᠢ ᠦᠴᠦᠬᠡᠨ ᠲᠣᠣᠷ᠎ᠠ ᠲᠠᠭᠤᠨ | ᠢᠶᠠᠷ ︽ᠭᠠᠩᠭᠠᠷ ᠭᠤᠩᠭᠤᠷ ᠁︾ ᠬᠡᠮᠡᠨ ᠲᠠᠭᠤ ᠴᠢᠮᠡᠭᠡ ᠠᠪᠣᠯᠴᠠᠭᠰᠠᠭᠠᠷ ᠬᠦᠴᠢᠷᠳᠡᠢ ᠣᠶᠢᠳᠬᠠᠷᠳᠠᠢ | ᠣᠷᠣᠭᠰᠢᠯᠠᠨ᠎ᠠ᠃ | ᠲᠡᠳᠡ ᠡᠪᠦᠭᠡᠳ ᠤᠨ ᠶᠣᠰᠣᠨ ᠤ ᠦᠨᠡᠨ ᠵᠦᠪ ᠤᠨ ᠢᠯᠠᠭᠳᠠᠰᠢ ᠦᠭᠡᠢ ᠶᠢ ᠣᠬᠠᠭᠠᠷᠠᠵᠦ ᠢᠷᠡᠪᠡ᠃ ᠶᠢᠷᠳᠢᠨᠴᠦ | ᠶᠢᠨ ᠵᠢᠮ᠎ᠡ ᠶᠢ ᠲᠡᠷᠰᠯᠡᠵᠦ ᠪᠣᠯᠣᠰᠢ ᠦᠭᠡᠢ ᠶᠢ ᠲᠠᠨᠢᠵᠦ ᠡᠬᠢᠯᠡᠪᠡ᠃ ᠲᠡᠳᠡ ︽ᠭᠡᠮ ᠨᠢ ᠡᠮᠦᠨ᠎ᠡ ᠪᠠᠨ ᠭᠡᠮᠰᠢᠯ ᠨᠢ | ᠬᠤᠶᠢᠨ᠎ᠠ ᠪᠠᠨ︾ ᠪᠠᠶᠢᠳᠠᠭ ᠤᠨ ᠵᠠᠷᠴᠢᠮ ᠢᠶᠠᠷ ᠲᠦᠪ ᠶᠣᠰᠣᠨ ᠤ ᠵᠠᠯᠬᠠᠭᠠᠯ ᠳᠤ ᠣᠴᠠᠷᠠᠬᠤ ᠨᠢ ᠵᠠᠶᠢᠯᠠᠰᠢ ᠦᠭᠡᠢ | ᠪᠣᠯᠣᠭᠰᠠᠨ ᠪᠦᠭᠡᠳ ᠵᠠᠶᠢᠯᠠᠵᠦ ᠪᠣᠯᠳᠠᠵᠦ ᠴᠦ ᠴᠢᠳᠠᠰᠢ ᠦᠭᠡᠢ ᠭᠡᠰᠡᠨ ᠢ ᠮᠡᠳᠡᠷᠡᠭᠰᠡᠨ ᠠᠪᠠᠴᠦ ︽ᠦᠪᠡᠷ ᠢᠶᠠᠨ | ᠣᠶᠢᠴᠢᠭᠰᠠᠨ ᠬᠡᠦᠬᠡᠳ ᠣᠬᠢᠯᠠᠳᠠᠭ ᠦᠭᠡᠢ︾ ᠶᠢᠨ ᠶᠣᠰᠣ ᠪᠠᠷ ᠬᠡᠨ ᠠᠯᠢᠨ ᠴᠦ ᠲᠣᠣᠭᠠᠷᠴᠦ ᠴᠢᠳᠠᠭᠰᠠᠨ ᠦᠭᠡᠢ᠃ | | ᠦᠪᠦᠩ ᠲᠣᠯᠣᠭᠠᠶᠢᠳᠣ ᠡᠪᠡᠳᠬᠦ ᠶᠠᠳᠠᠷᠠᠬᠤ ᠪᠠᠨ ᠲᠡᠰᠪᠦᠷᠢᠯᠡᠨ ᠠᠭᠠᠵᠢᠮᠬᠠᠨ ᠲᠡᠪᠢᠨᠡ᠃ ︽ᠡᠪᠦᠭᠡᠳ ᠤᠨ ᠶᠣᠰᠣ᠂ | ᠶᠢᠷᠳᠢᠨᠴᠦ ᠶᠢᠨ ᠵᠢᠷᠦᠮ︾ ᠠᠴᠠ ᠣᠷᠪᠠᠨ ᠲᠡᠷᠰᠯᠡᠭᠡᠳ ᠠᠶᠢᠮᠠᠭ ᠪᠦᠯᠦᠭ ᠣᠭᠰᠠᠭ᠎ᠠ ᠲᠦᠷᠦᠯ ᠳᠡᠭᠡᠨ | ᠠᠭᠤᠴᠢᠯᠠᠵᠦ ᠪᠣᠯᠣᠰᠢ ᠦᠭᠡᠢ ᠯᠣᠳᠣ ᠶᠡᠭᠡ ᠬᠤᠬᠢᠷᠠᠯ ᠣᠴᠠᠷᠠᠭᠤᠯᠣᠭᠰᠠᠨ ᠢᠶᠠᠨ ᠮᠡᠳᠡᠭᠰᠡᠨ ᠪᠣᠯᠪᠠᠴᠦ ᠣᠳᠣ ᠲᠡᠭᠦᠨ | ᠳᠤ ᠣᠰᠣᠯ ᠪᠣᠷᠣᠭᠤ ᠪᠠᠨ ᠮᠡᠳᠡᠷᠡᠵᠦ᠂ ᠣᠬᠤᠷᠢᠵᠦ ᠪᠣᠴᠠᠬᠤ ᠵᠠᠮ ᠭᠡᠵᠦ ᠶᠠᠭ ᠲᠠᠭ ᠪᠣᠯᠵᠠᠢ᠃ ᠣᠳᠣᠢ ᠰᠡᠭᠦᠯᠳᠦ | ᠣᠨᠠᠵᠣ ᠣᠶᠢᠴᠢᠮᠠᠷ ᠪᠣᠯᠬᠤ ᠳᠠᠭᠠᠨ ︽ᠠᠪᠣᠷᠭᠤ ᠵᠢᠭᠠᠰᠣ ᠶᠢᠨ ᠢᠳᠡᠰᠢ ᠪᠣᠯᠣᠭᠠᠳ ᠰᠠᠨᠠᠭ᠎ᠠ ᠠᠮᠠᠷᠠᠶ᠎ᠠ︾ ᠬᠡᠮᠡᠨ | ᠪᠣᠳᠣᠭᠰᠠᠨ ᠠᠪᠠᠴᠦ ᠦᠪᠦᠩ ᠲᠣᠯᠣᠭᠠᠶᠢᠳᠣ ᠶᠢᠨ ᠣᠷᠣᠭᠰᠢᠯᠠᠯ᠂ ᠰᠦᠷᠦᠭ ᠰᠢᠪᠠᠭᠤᠳ ᠤᠨ ᠲᠡᠮᠡᠦᠯᠡᠯ ᠨᠢ ︽ | ᠣᠳᠣ ᠯᠡ ᠣᠳᠠᠬᠤ ᠦᠭᠡᠢ ︿ᠳ᠋ᠧᠪᠡᠵᠡᠨ﹀ ᠳᠤ ᠬᠦᠷᠦᠨ᠎ᠡ ᠳ᠋ᠠ︾ ᠭᠡᠵᠦ ᠬᠡᠯᠡᠵᠦ ᠪᠠᠶᠢᠮᠠᠷ ᠰᠠᠨᠠᠭᠳᠠᠬᠤᠯᠠᠷ ᠠᠬᠢᠭᠠᠳ | ᠬᠠᠳᠠᠭᠤᠵᠢᠨ ᠲᠠᠪᠢᠵᠠᠢ᠃ | | ᠬᠠᠷ᠎ᠠ ᠲᠣᠯᠪᠤ︕ | ᠲᠡᠷᠡ᠂ ᠲᠡ᠊ — ᠷᠡ ᠬᠤᠯᠠ ᠶᠢᠨ ᠠᠯᠣᠰ ᠲᠡᠭᠷᠢ ᠶᠢᠨ ᠬᠦᠪᠡᠭᠡᠨ ᠤ ᠲᠡᠨᠳᠡᠴᠡ ᠬᠠᠷ᠎ᠠ ᠲᠣᠯᠪᠤ ᠢᠯᠡᠷᠡᠪᠡ᠃ | ᠣᠨᠳᠠᠷᠠᠬᠤ ᠰᠢᠬᠠᠭᠰᠠᠨ ᠠᠮᠢᠨ ᠭᠠᠯ ᠨᠢ ᠠᠬᠢᠭᠠᠳ ᠲᠦᠷᠡᠯᠵᠡᠭᠰᠡᠨ ᠦᠨᠦ ᠰᠢᠪᠠᠭᠤᠳ ᠪᠠᠶᠢᠳᠠᠭ ᠬᠦᠴᠦᠨ ᠢᠶᠠᠨ | ᠰᠢᠪᠬᠠᠨ ᠪᠠᠶᠢᠵᠦ ᠡᠴᠦᠰ ᠤᠨ ᠲᠠᠭᠠᠷᠢᠯᠳᠠ ᠬᠢᠯ᠎ᠡ᠃ | ︽ᠫᠦᠰ ᠲᠦᠰ ᠁ ᠫᠠᠰ ᠲᠠᠰ ᠁︾᠃ | ᠬᠦᠷᠦᠰᠦ ᠰᠢᠷᠣᠢ ᠣᠯᠵᠣ ᠬᠠᠷᠠᠭᠰᠠᠨ ᠬᠦᠭᠡᠷᠦᠬᠦᠢ ᠰᠢᠪᠠᠭᠤᠳ ᠭᠠᠵᠠᠷ ᠪᠠᠭᠤᠬᠤ ᠳᠠᠭᠠᠨ ᠪᠡᠶ᠎ᠡ ᠪᠠᠨ ᠡᠵᠡᠮᠳᠡᠬᠦ | ᠲᠡᠩᠬᠡᠭᠡ ᠦᠭᠡᠢ ᠬᠦᠰᠡᠷ ᠣᠶᠢᠴᠢᠵᠦ ᠪᠠᠶᠢᠪᠠ᠃ ᠲᠡᠳᠡ ᠦᠵᠦᠭᠦᠷ ᠬᠢᠵᠠᠭᠠᠷ ᠨᠢ ᠬᠠᠷᠠᠭᠳᠠᠬᠤ ᠦᠭᠡᠢ ᠦᠷᠭᠡᠨ | ᠶᠡᠭᠡ ᠲᠠᠯᠠᠢ ᠶᠢᠨ ᠲᠣᠮᠳᠠᠬᠢ ᠦᠴᠦᠬᠡᠨ ᠪᠠᠭ᠎ᠠ ᠦᠨᠦᠴᠢᠨ ᠠᠷᠠᠯ ᠲᠡᠭᠡᠷ᠎ᠡ ᠵᠣᠯ ᠲᠠᠢ ᠬᠦᠷᠴᠦ ᠢᠷᠡᠭᠰᠡᠨ ᠨᠢ ᠡᠨᠡ | ᠪᠠᠶᠢᠵᠠᠢ᠃ | ᠬᠡᠳᠦᠶᠢᠴᠢᠨᠡᠨ ᠣᠳᠠᠭᠰᠠᠨ ᠢ ᠪᠣᠣ ᠮᠡᠳᠡ᠃ ︽ᠴᠢᠰ ᠴᠠᠰ ᠁︾ ︽ᠫᠢᠳ ᠫᠠᠳ ᠁︾ ︽ᠵᠢᠷ ᠵᠣᠷ ᠁ | ︾ ᠬᠡᠮᠡᠬᠦ ᠲᠡᠷᠡ ᠬᠤᠯᠠ ᠶᠢᠨ ᠠᠳᠠᠯ᠎ᠠ ᠪᠠᠨ ᠲᠡᠶᠢᠮᠦ ᠯᠡ ᠣᠶᠢᠷᠠᠬᠠᠨ ᠠᠶ᠎ᠠ ᠲᠠᠭᠤᠨ ᠢᠶᠠᠷ ᠲᠡᠳᠡ ᠨᠢᠭᠡ ᠨᠢᠭᠡ ᠪᠠᠷ | ᠢᠶᠠᠨ ᠨᠢᠳᠦ ᠪᠠᠨ ᠵᠠᠪᠰᠠᠷᠯᠠᠪᠠ᠃ ᠰᠠᠯᠬᠢᠨ ᠤ ᠠᠶᠠᠰ ᠢᠶᠠᠷ ᠨᠠᠶᠢᠭᠤᠭᠰᠠᠨ ᠶᠠᠩᠵᠦ ᠶᠢᠨ ᠣᠷᠭᠤᠮᠠᠯ ᠠᠴᠠ ᠰᠠᠮᠰᠠ | ᠴᠣᠷᠭᠢᠮ᠎ᠠ ᠰᠠᠶᠢᠬᠠᠨ ᠦᠨᠦᠷ ᠠᠩᠭᠢᠯᠣᠭᠠᠳ᠂ ᠨᠢᠰᠦᠯᠳᠦᠬᠦ ᠭᠦᠶᠦᠯᠳᠦᠬᠦ ᠬᠤᠷᠣᠬᠠᠢ ᠰᠢᠪᠡᠵᠢ ᠠᠴᠠ ᠲᠣᠷ᠎ᠠ | ᠪᠣᠯᠢᠶᠠᠮ᠎ᠠ ᠰᠣᠳᠣᠨ ᠠᠮᠳᠠ ᠮᠡᠳᠡᠷᠡᠭᠳᠡᠨ᠎ᠡ᠃ | ᠲᠡᠳᠡ ᠬᠡᠨ ᠠᠯᠢᠨ ᠠᠴᠠ ᠪᠠᠨ ᠬᠤᠴᠣᠷᠬᠤ ᠠᠴᠠ ᠪᠠᠨ ᠠᠶᠣᠭᠰᠠᠨ ᠰᠢᠭ᠋ ᠬᠤᠪᠬᠤ ᠬᠤᠪᠬᠤ ᠦᠰᠦᠷᠦᠨ | ᠪᠣᠰᠴᠠᠭᠠᠪᠠ᠃ ᠣᠨᠠᠵᠦ ᠪᠠᠶᠢᠨ᠎ᠠ ᠪᠣᠰᠴᠦ ᠪᠠᠶᠢᠨ᠎ᠠ᠂ ᠪᠣᠰᠴᠦ ᠪᠠᠶᠢᠨ᠎ᠠ ᠣᠨᠠᠵᠦ ᠪᠠᠶᠢᠨ᠎ᠠ᠃ ᠲᠡᠳᠡ ᠮᠦᠯᠬᠦᠵᠦ | ᠪᠠᠶᠢᠨ᠎ᠠ ᠮᠠᠭᠠᠵᠢᠵᠦ ᠪᠠᠶᠢᠨ᠎ᠠ᠂ ᠨᠠᠶᠢᠭᠤᠵᠣ ᠪᠠᠶᠢᠨ᠎ᠠ ᠲᠠᠶᠢᠭᠤᠵᠣ ᠪᠠᠶᠢᠨ᠎ᠠ᠃ ︽ᠬᠡᠨ ᠶᠠᠭᠤ︾ ᠶᠢ ᠨᠢ ᠴᠦ ᠮᠡᠳᠡᠵᠦ | ᠲᠠᠨᠢᠳᠠᠭ ᠦᠭᠡᠢ ᠬᠤᠷᠣᠬᠠᠢ ᠰᠢᠪᠡᠵᠢ ᠨᠦᠭᠦᠳ ᠢ ᠬᠤᠩᠰᠢᠶᠠᠷ ᠠᠮᠠ ᠪᠠᠨ ᠣᠯᠬᠤ ᠦᠭᠡᠢ ᠬᠤᠳᠣᠭᠤᠳᠣ ᠭᠡᠳᠡᠰᠦ | ᠪᠠᠨ ᠮᠡᠳᠡᠬᠦ ᠦᠭᠡᠢ ᠲᠣᠶ᠋ᠢᠯᠠᠵᠦ ᠪᠠᠶᠢᠨ᠎ᠠ ᠵᠣᠭᠤᠭᠯᠠᠵᠦ ᠪᠠᠶᠢᠨ᠎ᠠ᠃ | ᠲᠡᠳᠡ ᠮᠠᠩᠰᠢᠭᠤᠷᠠᠨ ᠣᠨᠳᠠᠵᠦ ᠪᠠᠶᠢᠨ᠎ᠠ᠂ ᠲᠠᠬᠢᠵᠦ ᠪᠣᠰᠣᠭᠠᠳ ᠵᠣᠭᠤᠭᠯᠠᠵᠦ ᠪᠠᠶᠢᠨ᠎ᠠ ᠁ | ᠡᠪᠦᠭᠡᠨ ᠠᠬᠠᠯᠠᠭᠴᠢ ᠡᠨᠡ ᠪᠦᠬᠦᠨ ᠢ ᠨᠢᠳᠦ ᠲᠦᠭᠦᠷᠬᠡᠨ ᠬᠠᠷᠠᠭᠠᠳ ᠯᠡ ᠪᠠᠶᠢᠶ᠎ᠠ ᠭᠡᠰᠡᠨ ᠰᠢᠭ ᠭᠠᠭᠴᠠ ᠬᠤᠷᠣᠬᠠᠢ | ᠬᠠᠭᠠᠰ ᠰᠢᠪᠡᠵᠢ ᠴᠦ ᠢᠳᠡᠵᠦ ᠴᠢᠳᠠᠭᠰᠠᠨ ᠦᠭᠡᠢ ᠨᠢᠳᠦ ᠪᠠᠨ ᠨᠡᠬᠡᠭᠡᠭᠰᠡᠨ ᠶᠠᠩᠵᠦ ᠪᠠᠷ ᠢᠶᠠᠨ ᠨᠢᠷᠸᠠᠨ ᠲᠦᠷᠢ ᠪᠠᠨ | ᠦᠵᠡᠭᠦᠯᠵᠡᠢ᠃ ᠡᠪᠦᠭᠡᠴᠣᠣᠯ ᠪᠠᠭᠠᠴᠣᠣᠯ ᠢᠶᠠᠨ ᠪᠦᠬᠦᠨ ᠢ ᠠᠯᠳᠠᠭᠠᠳ ᠵᠢᠷᠦᠬᠡ ᠨᠢ ᠴᠠᠷᠴᠠᠭᠰᠠᠨ ᠵᠠᠯᠠᠭᠤ | ᠰᠢᠪᠠᠭᠤᠳ ᠲᠤ ᠭᠠᠭᠴᠠ ᠯᠡ ᠦᠯᠡᠳᠡᠭᠰᠡᠨ ᠠᠬᠠᠯᠠᠭᠴᠢ ᠶᠢᠨ ᠦᠭᠦᠯ ᠲᠡᠮᠡᠢ ᠶᠠᠭᠤᠮ᠎ᠠ ᠪᠣᠯᠣᠭᠰᠠᠨ ᠦᠭᠡᠢ᠃ | ᠡᠳᠦᠷ ᠬᠤᠭᠤᠴᠠᠭ᠎ᠠ ᠡᠭᠡᠯᠵᠢᠯᠡᠨ ᠡᠭᠡᠯᠵᠢᠯᠡᠭᠰᠡᠭᠡᠷ ᠬᠡᠳᠦᠶᠢᠴᠢᠨᠡᠨ ᠣᠳᠠᠭᠰᠠᠨ ᠢ ᠬᠡᠨ ᠠᠯᠢᠨ ᠴᠦ ᠠᠵᠢᠶᠠᠷᠠᠭᠰᠠᠨ | ᠦᠭᠡᠢ᠃ ᠠᠳᠡ ᠡᠳᠦᠷᠵᠢᠨ ᠰᠦᠨᠢᠵᠢᠨ ᠠᠯᠠᠯᠳᠣᠭᠠᠨ ᠲᠣᠯᠣᠯᠳᠣᠭᠠᠨ ᠬᠢᠭᠡᠳ ᠬᠠᠰᠢᠷᠠᠳᠠᠭ ᠦᠭᠡᠢ ᠮᠢᠬᠠᠴᠢᠨ | ᠠᠮᠢᠳᠠᠨ — ᠠᠷᠢᠶᠠᠳᠠᠨ ᠭᠦᠷᠦᠭᠡᠰᠦ ᠨᠦᠭᠦᠳ ᠪᠠᠶᠢᠭ᠎ᠠ ᠦᠭᠡᠢ᠃ ᠲᠡᠶᠢᠨᠬᠦ ᠦᠪᠦᠩ ᠲᠣᠯᠣᠭᠠᠶᠢᠳᠣ᠂ ᠣᠳᠣᠢ | ᠰᠡᠭᠦᠯᠳᠦ ᠶᠢᠨ ᠨᠢᠳᠦᠨ ᠳᠤ ᠢᠯᠠᠯᠳᠠ ᠶᠢᠨ ᠣᠮᠣᠭᠰᠢᠯ ᠲᠣᠳᠣᠷᠠᠨ ︽ᠶᠢᠷᠳᠢᠨᠴᠦ ᠶᠢᠨ ᠭᠠᠳᠠᠨᠠᠬᠢ ᠲᠣᠭᠤᠷ ᠤᠨ | ᠬᠦᠷᠢᠶᠡᠯᠡᠩ — ᠳ᠋ᠧᠪᠡᠵᠡᠨ︾ ᠤ ᠵᠢᠩᠬᠢᠨᠢ ᠡᠵᠡᠨ ᠨᠢ ᠪᠣᠯᠣᠭᠰᠠᠨ ᠳᠠᠭᠠᠨ ᠬᠢᠵᠠᠭᠠᠯᠠᠰᠢ ᠦᠭᠡᠢ ᠪᠠᠶᠠᠷᠯᠠᠨ | ᠬᠡᠮᠵᠢᠶᠡᠯᠡᠰᠢ ᠦᠭᠡᠢ ᠵᠣᠷᠢᠭᠵᠢᠭᠠᠳ ᠲᠠᠭᠤᠯᠠᠨ ᠪᠦᠵᠢᠭᠯᠡᠮᠡᠷ ᠰᠠᠨᠠᠭᠳᠠᠵᠠᠢ᠃ | ᠲᠡᠳᠡᠨ ᠤ ᠬᠤᠶᠠᠷ ᠬᠦᠯ ᠨᠢ ᠠᠭᠠᠵᠢᠮ ᠢᠶᠠᠷ ᠵᠢᠷᠢᠯᠵᠡᠨ ᠬᠦᠳᠡᠯᠵᠦ ᠡᠬᠢᠯᠡᠭᠰᠡᠨ ᠠᠪᠠᠴᠦ ᠬᠤᠣᠰ ᠲᠠᠯᠠᠪᠴᠢ ᠨᠢ | ᠰᠠᠨᠠᠭ᠎ᠠ ᠪᠠᠷ ᠨᠢ ᠲᠡᠯᠭᠡᠵᠦ ᠦᠭᠭᠦᠭᠰᠡᠨ ᠦᠭᠡᠢ᠃ ︽ᠭᠠᠩᠭᠠᠷ ᠭᠤᠩᠭᠤᠷ ᠁︾ ᠬᠡᠮᠡᠨ ᠭᠠᠶᠢᠬᠠᠯᠳᠣᠭᠰᠠᠨ | ᠰᠢᠪᠠᠭᠤᠳ ᠬᠦᠴᠦᠯᠡᠨ ᠬᠦᠴᠦᠯᠡᠨ ᠲᠡᠪᠢᠬᠦ ᠳᠤ ︽ᠫᠠᠷ ᠫᠠᠷ ᠁︾ ᠬᠡᠮᠡᠬᠦ ᠮᠠᠭᠤᠬᠠᠢ ᠲᠠᠭᠤᠨ ᠯᠡ ᠭᠠᠷᠣᠭᠰᠠᠨ | ᠠᠴᠠ ᠪᠢᠰᠢ ᠲᠡᠭᠳᠡᠵᠦ ᠴᠢᠳᠠᠭᠰᠠᠨ ᠦᠭᠡᠢ ᠶᠢ ᠪᠣᠣ ᠬᠡᠯᠡ ᠵᠢᠭᠦᠷ ᠨᠢ ᠣᠭ ᠢᠶᠠᠷ ᠢᠶᠠᠨ ᠲᠠᠰᠣᠷᠠᠵᠦ ᠣᠨᠠᠮᠠᠷ | ᠰᠢᠷᠬᠠᠯᠠᠨ ᠡᠪᠡᠳᠴᠠᠢ ᠁ | ᠰᠢᠷᠬ᠎ᠠ ᠳᠠᠭᠠᠨ ᠡᠷᠬᠡᠭᠰᠡᠨ ᠬᠦᠭᠡᠷᠦᠬᠦᠢ ᠰᠢᠪᠠᠭᠤᠳ ᠠᠬᠢᠭᠠᠳ ᠨᠢᠰᠦᠨ ᠲᠡᠪᠳᠡᠷᠢᠬᠦ ᠭᠡᠭᠴᠢ ᠶᠢ ᠠᠷᠣ | ᠬᠤᠶᠢᠨ᠎ᠠ ᠪᠠᠨ ᠲᠠᠶᠠᠭᠳᠠᠵᠦ᠂ ︽ᠲᠡᠭᠡᠷ᠎ᠡ ᠪᠠᠨ ᠲᠠᠷᠣᠯᠠᠯ ᠦᠭᠡᠢ᠂ ᠲᠡᠷᠭᠡᠳᠡ ᠪᠠᠨ ᠮᠦᠯᠵᠢᠯ ᠦᠭᠡᠢ︾ ︽ | ᠳ᠋ᠧᠪᠡᠵᠡᠨ︾ ᠤ ᠠᠮᠢᠳᠣᠷᠠᠯ ᠳᠠᠭᠠᠨ ᠬᠠᠨᠣᠨ ᠠᠭᠤᠰᠣᠭᠠᠳ ᠠᠮ ᠰᠠᠮ ᠵᠢᠷᠭᠠᠵᠠᠢ᠃ | | ᠲᠦᠷᠢᠮᠡᠬᠡᠶᠢᠯᠡᠯ ᠳᠤ ᠣᠴᠠᠷᠠᠨ ᠲᠡᠭᠡᠷᠡᠮᠳᠡᠯᠭᠡ ᠳᠤ ᠲᠠᠭᠠᠷᠢᠭᠳᠠᠭᠰᠠᠨ ᠦᠨᠦᠴᠢᠨ ᠪᠠᠭ᠎ᠠ ᠠᠷᠠᠯ ᠤᠨ ᠦᠴᠦᠬᠡᠨ | ᠬᠤᠷᠣᠬᠠᠢ ᠰᠢᠪᠠᠵᠢ ᠨᠤᠭᠤᠳ ᠶᠠᠭᠠᠬᠢᠬᠤ ᠶᠢᠨ ᠠᠷᠭ᠎ᠠ ᠦᠭᠡᠢ ᠴᠦᠬᠡᠷᠡᠵᠦ ᠢᠷᠡᠯ᠎ᠡ᠃ ᠭᠡᠳᠡᠰᠦ ᠪᠠᠨ ᠲᠦᠭᠦᠷᠭᠡᠵᠦ | ᠲᠡᠶᠢᠯᠬᠦ ᠦᠭᠡᠢ ᠪᠣᠯᠣᠭᠰᠠᠨ ᠬᠦᠭᠡᠷᠦᠬᠦᠢ ᠰᠢᠪᠠᠭᠤᠳ ᠠᠷᠭ᠎ᠠ ᠪᠣᠰᠣ ᠡᠪᠡᠰᠦ ᠣᠷᠭᠤᠮᠠᠯ ᠣᠷᠣᠭᠤ ᠴᠡᠷᠢᠭᠯᠡᠭᠰᠡᠨ | ᠪᠠᠶᠢᠪᠠ᠃ ᠡᠪᠡᠰᠦ ᠣᠷᠭᠤᠮᠠᠯ ᠬᠡᠳᠦᠢ ᠰᠢᠮ᠎ᠡ ᠲᠡᠵᠢᠭᠡᠯ ᠲᠠᠢ ᠭᠡᠳᠡᠭ ᠠᠪᠠᠴᠦ ᠦᠭᠡᠬᠦ ᠲᠣᠰᠣ ᠢᠳᠡᠵᠦ ᠰᠣᠷᠣᠭᠰᠠᠨ | ᠲᠡᠳᠡᠨ ᠤ ᠭᠡᠳᠡᠰᠦ ᠨᠢ ᠲᠦᠭᠦᠷᠪᠡᠴᠦ ᠰᠡᠳᠬᠢᠯ ᠨᠢ ᠬᠠᠨᠣᠬᠤ ᠦᠭᠡᠢ ᠲᠡᠩᠰᠢᠬᠦ ᠪᠣᠯᠪᠠ᠃ | ᠣᠳᠣ᠂ ᠡᠪᠡᠰᠦᠨ ᠤ ᠨᠠᠮᠠᠭ᠎ᠠ ᠣᠷᠭᠤᠮᠠᠯ ᠤᠨ ᠨᠠᠪᠴᠢ ᠴᠦ ᠣᠯᠳᠠᠬᠤ ᠦᠭᠡᠢ ᠪᠣᠯᠵᠠᠢ᠃ | ᠦᠪᠦᠩ ᠲᠣᠯᠣᠭᠠᠶᠢᠳᠣ ᠣᠳᠣᠢ ᠰᠡᠭᠦᠯᠳᠦ ᠳᠤ ᠪᠠᠰᠠ ᠨᠢᠭᠡᠨ ᠬᠠᠳᠠᠭᠤ ᠰᠢᠯᠭᠠᠯᠳᠠ ᠲᠣᠯᠵᠦ ᠢᠷᠡᠯ᠎ᠡ᠃ ᠪᠣᠴᠠᠶ᠎ᠠ | ᠭᠡᠬᠦ ᠳᠤ ᠪᠣᠯᠬᠤ ᠶᠠᠭᠤᠮ᠎ᠠ ᠪᠢᠰᠢ᠃ ᠲᠠᠯᠠᠪᠴᠢ ᠶᠢᠨ ᠣᠭ ᠨᠢ ᠡᠪᠡᠳᠬᠦ ᠶᠢ ᠪᠣᠣ ᠬᠡᠯᠡ ᠬᠡᠳᠦᠶᠢᠴᠢᠨᠡᠭᠡᠨ | ᠬᠤᠭᠤᠴᠠᠭ᠎ᠠ ᠵᠠᠷᠣᠵᠦ ᠬᠡᠷᠡᠭᠯᠡᠭᠰᠡᠨ ᠦᠭᠡᠢ ᠵᠢᠭᠦᠷ ᠲᠠᠯᠠᠪᠴᠢ ᠨᠢ ᠣᠭ ᠤᠨ ᠢᠶᠠᠨ ᠪᠣᠳᠣᠪᠠᠯ ᠬᠤᠯᠠ ᠠᠪᠴᠢᠨ | ᠵᠢᠵᠢᠭᠷᠡᠭᠰᠡᠨ ᠢ ᠲᠡᠳᠡ ᠦᠪᠡᠷᠳᠡᠭᠡᠨ ᠮᠡᠳᠡᠵᠦ ᠪᠠᠶᠢᠨ᠎ᠠ᠃ ᠵᠢᠭᠦᠷ ᠲᠠᠯᠠᠪᠴᠢ ᠨᠢ ᠣᠣᠯ ᠤᠨ ᠢᠶᠠᠨ ᠰᠢᠭ᠋ ᠪᠠᠶᠢᠬᠤ ᠪᠠᠷ | ᠪᠣᠳᠣᠬᠤ ᠳᠤ ᠲᠡᠭᠵᠢᠨ ᠭᠤᠸᠠᠯᠢᠭ ᠪᠡᠶ᠎ᠡ ᠮᠠᠬᠠᠪᠣᠳ ᠨᠢ ᠴᠦ ᠨᠣᠭᠤᠰᠦ ᠰᠢᠣᠬᠠᠨ ᠪᠦᠳᠦᠭᠦᠨ ᠲᠠᠷᠭᠤᠨ ᠶᠠᠭᠤᠮ᠎ᠠ | ᠪᠣᠯᠣᠭᠰᠠᠨ ᠶᠤᠮ ᠴᠢᠨᠢ ᠨᠢᠰᠦᠨ ᠲᠡᠭᠦᠯᠢᠬᠦ ᠬᠡᠮᠡᠭᠴᠢ ᠭᠤᠨᠵᠢ ᠶᠢᠨ ᠵᠣᠭᠤᠭ ᠪᠣᠯᠵᠠᠢ᠃ | ᠨᠡᠩ ᠴᠦ ᠲᠡᠷᠡ ᠠᠯᠣᠰ ᠤᠨ ᠠᠶᠠᠨ ᠤ ᠨᠢᠳᠦ ᠬᠠᠯᠢᠷᠠᠮ᠎ᠠ ᠵᠣᠪᠠᠭᠤᠷᠢ ᠵᠦᠳᠡᠭᠦᠷᠢ᠂ ᠵᠢᠷᠦᠬᠡ ᠰᠢᠮᠰᠢᠷᠠᠮᠠ ᠦᠷᠡᠭᠳᠡᠯ | ᠰᠦᠢᠳᠦᠯ ᠁ ᠲᠡᠷᠡ ᠪᠦᠬᠦᠨ ᠢ ᠪᠣᠳᠣᠵᠦ ᠰᠡᠳᠬᠢᠬᠦ ᠠᠴᠠ ᠪᠠᠨ ᠴᠦ ᠠᠶᠣᠬᠤ ᠪᠣᠯᠣᠭᠰᠠᠨ ᠰᠢᠪᠠᠭᠤᠳ ᠲᠤ | ᠠᠬᠢᠭᠠᠳ ᠪᠣᠴᠠᠬᠤ ᠭᠡᠵᠦ ᠲᠡᠷᠡ ᠬᠤᠯᠠ ᠲᠡᠭᠷᠢ ᠣᠶᠢᠷ᠎ᠠ ᠪᠣᠯᠵᠠᠢ᠃ | ᠦᠯᠪᠡᠷᠡᠯ ᠤᠨ ᠬᠡᠴᠡᠭᠦᠦ ᠳᠤ ᠲᠣᠯᠭᠠᠷᠠᠭᠰᠠᠨ ᠰᠢᠪᠠᠭᠤᠳ ᠠᠷᠭ᠎ᠠ ᠦᠭᠡᠢ ᠶᠢᠨ ᠡᠷᠬᠡᠨ ᠳᠤ ᠲᠠᠯᠠᠢ ᠬᠦᠪᠡᠭᠡᠨ ᠤ | ᠵᠢᠷᠠᠭᠠᠬᠠᠢ ᠲᠡᠰᠢ ᠠᠮᠢ ᠲᠡᠮᠡᠴᠡᠨ ᠦᠬᠦᠯᠳᠦᠪᠡ᠃ ᠪᠠᠭ᠎ᠠ ᠯᠡ ᠲᠣᠳᠣᠭᠰᠢ ᠣᠷᠣᠭᠰᠠᠭᠠᠷ ᠲᠡᠪᠳᠡᠷᠢᠵᠦ ᠪᠠᠶᠢᠭᠰᠠᠨ ᠴᠦ | ᠪᠣᠯᠵᠣ ᠦᠭᠭᠦ ᠦᠭᠡᠢ ᠵᠢᠪᠬᠦ ᠭᠡᠳ ᠯᠡ ᠠᠶᠣᠯᠭᠠᠨᠠ᠃ ᠰᠠᠨᠳᠣᠷᠬᠤ ᠶᠢᠨ ᠡᠷᠬᠡᠨ ᠳᠤ ᠰᠠᠮᠪᠠᠭ᠎ᠠ ᠲᠦᠷᠦᠭᠳᠡᠭᠰᠡᠨ | ᠲᠡᠳᠡ ᠬᠤᠶᠠᠷ ᠬᠦᠯ ᠢᠶᠠᠷ ᠢᠶᠠᠨ ᠰᠡᠯᠢᠭᠦᠷ ᠪᠣᠯᠭᠠᠭᠰᠠᠨ ᠨᠢ ᠬᠠᠷᠢᠨ ᠠᠩᠬ᠎ᠠ ᠡᠬᠢᠨ ᠳᠡᠭᠡᠨ ᠪᠦᠳᠦᠵᠦ ᠦᠭᠭᠦ ᠦᠭᠡᠢ | ᠲᠣᠩᠭᠤᠷᠣᠭᠠᠳ ᠲᠣᠩᠭᠤᠷᠣᠭᠠᠳ ᠣᠰᠣ ᠵᠠᠯᠭᠢᠵᠦ ᠪᠠᠶᠢᠭᠰᠠᠨ ᠴᠦ ᠡᠳᠦᠷ ᠣᠳᠠᠭᠠᠨ ᠳᠠᠭᠠᠨ ᠢᠳᠡᠭ ᠢᠳᠡᠭ ᠢᠶᠠᠷ | ᠪᠡᠶ᠎ᠡ ᠪᠠᠨ ᠲᠣᠭᠳᠠᠭᠠᠵᠦ ᠲᠡᠶᠢᠯᠦᠭᠡᠳ ᠭᠦᠶᠦᠬᠡᠨ ᠰᠢᠭ ᠣᠰᠣᠨ ᠳᠤ ᠨᠢ ᠠᠯᠳᠠ ᠲᠠᠯᠢᠮ ᠴᠦ ᠭᠡᠰᠡᠨ ᠣᠮᠪᠠᠨ | ᠲᠡᠭᠳᠡᠬᠦ ᠴᠢᠳᠠᠯ ᠲᠠᠢ ᠪᠣᠯᠵᠦ ᠢᠷᠡᠵᠡᠢ᠃ ᠲᠣᠣᠭᠤᠷ ᠲᠡᠷᠭᠡᠳᠡᠭᠦᠷ ᠨᠢ ᠦᠩᠭᠡᠷᠡᠬᠦ ᠵᠢᠷᠠᠭᠠᠬᠠᠢ ᠶᠢ ᠢᠳᠡᠬᠦ ᠭᠡᠵᠦ | ᠬᠦᠢᠳᠡᠨ ᠰᠢᠷᠦᠭᠦᠨ ᠣᠰᠣ ᠣᠷᠣᠭᠤ ᠬᠦᠴᠦᠯᠡᠨ ᠬᠦᠴᠦᠯᠡᠨ ᠲᠣᠩᠰᠢᠨ ᠲᠣᠶ᠋ᠢᠭᠰᠠᠭᠠᠷ ᠪᠠᠶᠢᠵᠦ᠂ ᠬᠠᠶᠠ ᠬᠠᠶᠠ | ᠲᠡᠭ ᠲᠣᠮᠳᠠᠭᠤᠷ ᠨᠢ ᠬᠠᠪᠴᠢᠭᠠᠳ ᠠᠪᠬᠤ ᠮᠡᠷᠭᠡᠵᠢᠯ ᠲᠠᠢ ᠪᠣᠯᠣᠭᠰᠠᠨ ᠢᠶᠠᠷ ᠭᠡᠳᠡᠰᠦ ᠲᠣᠮᠳᠠᠭᠤᠷ ᠴᠦ ᠭᠡᠰᠡᠨ ᠠᠮᠢ | ᠭᠤᠣᠯ ᠢᠶᠠᠨ ᠠᠷᠭᠠᠴᠠᠨ ᠡᠳᠦᠷ ᠬᠤᠨᠤᠭ ᠨᠦᠭᠴᠢᠭᠡᠬᠦ ᠪᠣᠯᠪᠠ᠃ | ᠬᠠᠷᠢᠨ ᠲᠡᠭᠡᠬᠦ ᠳᠤ ᠪᠠᠶᠢᠭᠠᠯᠢ ᠶᠢᠨ ᠵᠢᠮ᠎ᠡ ᠭᠡᠬᠦ ᠦᠦ᠂ ᠠᠯᠢ ᠡᠰᠡᠬᠦᠯ᠎ᠡ ᠨᠡᠶᠢᠭᠡᠮ ᠤᠨ ᠰᠢᠬᠠᠯᠳᠠ ᠭᠡᠬᠦ ᠦᠦ ᠪᠣᠣ | ᠮᠡᠳᠡ᠂ ᠰᠣᠨᠢᠨ ᠭᠠᠶᠢᠬᠠᠯᠳᠠᠢ ᠬᠤᠪᠢᠷᠠᠯ ᠬᠤᠪᠢᠰᠣᠯᠳᠠ ᠲᠡᠳᠡᠨ ᠤ ᠪᠡᠶ᠎ᠡ ᠲᠡᠭᠡᠷ᠎ᠡ ᠶᠠᠭᠠᠬᠢᠬᠤ ᠶᠢᠨ ᠠᠷᠭ᠎ᠠ ᠦᠭᠡᠢ | ᠡᠭᠦᠰᠴᠦ ᠡᠬᠢᠯᠡᠯ᠎ᠡ᠃ ᠰᠢᠪᠠᠭᠤᠳ ᠤᠨ ᠰᠡᠯᠢᠬᠦᠷ ᠪᠣᠯᠭᠠᠨ ᠵᠠᠷᠣᠭᠰᠠᠨ ᠬᠦᠯ ᠤᠨ ᠰᠠᠯᠠᠭ᠎ᠠ ᠨᠢ ᠠᠭᠠᠵᠢᠮ ᠢᠶᠠᠷ | ᠨᠡᠶᠢᠯᠡᠯᠳᠦᠨ ᠲᠠᠪᠠᠭᠯᠠᠷᠠᠨ ᠯᠠᠷᠪᠠᠶᠢᠵᠦ ᠡᠬᠢᠯᠡᠭᠰᠡᠨ ᠢᠶᠠᠨ ᠣᠳᠠᠵᠦ ᠲᠦᠳᠡᠯ ᠦᠭᠡᠢ ᠬᠠᠪᠴᠢᠭᠤᠷ ᠪᠣᠯᠭᠠᠨ | ᠬᠡᠷᠡᠭᠯᠡᠭᠰᠡᠨ ᠬᠤᠩᠰᠢᠶᠠᠷ ᠠᠮᠠ ᠨᠢ ᠴᠦ ᠠᠶᠠᠨᠳᠠᠭᠠᠨ ᠦᠷᠭᠡᠵᠢᠨ ᠵᠣᠵᠠᠭᠠᠷᠠᠵᠦ ᠡᠷᠳᠡᠶᠢᠭᠡᠳ ᠠᠯᠢ ᠬᠡᠳᠦᠶᠢᠨᠡᠢ | ᠲᠠᠷᠭᠤᠯᠠᠵᠦ ᠮᠢᠬᠠᠯᠠᠭᠰᠠᠨ ᠪᠡᠶ᠎ᠡ ᠲᠠᠢ ᠨᠢ ᠶᠠᠭᠠᠬᠢᠬᠤ ᠶᠢᠨ ᠠᠷᠭ᠎ᠠ ᠦᠭᠡᠢ ᠵᠣᠬᠢᠴᠠᠭᠰᠠᠨ ᠨᠢ ᠭᠠᠶᠢᠬᠠᠮᠠᠷ᠃ ᠨᠡᠩ ᠴᠦ | ᠬᠤᠩᠰᠢᠶᠠᠷ ᠠᠮᠠ ᠲᠠᠢ ᠪᠠᠨ ᠵᠣᠬᠢᠴᠠᠬᠤ ᠭᠡᠰᠡᠨ ᠤ ᠴᠦ ᠪᠣᠯᠪᠠᠦ ᠬᠤᠭᠤᠯᠠᠢ ᠠᠮᠠ ᠨᠢ ᠴᠦ ᠰᠦᠭᠡᠩᠬᠢᠳᠡᠨ | ᠰᠣᠯᠣᠭᠠᠶᠢᠷᠠᠭᠠᠳ ︽ᠭᠠᠩᠭᠠᠷ ᠭᠤᠩᠭᠤᠷ︾ ᠬᠡᠮᠡᠭᠰᠡᠨ ᠢᠷᠠᠭᠤ ᠰᠣᠨᠣᠰᠬᠤᠯᠠᠩ ᠲᠠᠭᠤᠨ ᠨᠢ ᠴᠦ ︽ᠭᠤᠸ᠎ᠠ | ᠭᠤᠸ᠎ᠠ︾ ᠭᠡᠬᠦ ᠰᠢᠦ ᠯᠡ ᠰᠣᠨᠢᠨ ᠠᠪᠢᠶ᠎ᠠ ᠪᠣᠯᠵᠦ ᠬᠦᠰᠢᠭᠡᠳ ᠠᠯᠴᠠᠭ ᠲᠠᠷᠪᠠᠭ ᠠᠯᠬᠤᠳᠠᠯ ᠭᠢᠰᠭᠢᠳᠡᠯ ᠲᠠᠢ ᠨᠢ | ᠠᠶᠢᠵᠠᠮ ᠲᠠᠭᠠᠷᠠᠨ ᠵᠣᠬᠢᠴᠠᠭᠰᠠᠨ ᠢ ᠰᠢᠪᠠᠭᠤᠳ ᠦᠪᠡᠷᠳᠡᠭᠡᠨ ᠴᠦ ᠢᠳᠡᠭᠡᠵᠦ ᠶᠠᠳᠠᠨ᠎ᠠ᠃ | ᠴᠣᠬᠤᠮ ᠹᠢᠽᠢᠣᠯᠣᠬᠢ ᠶᠢᠨ ᠬᠤᠪᠢᠷᠠᠯᠳᠠ ᠭᠡᠳᠡᠭ ᠶᠠᠭᠤᠮ᠎ᠠ ᠠᠶᠠᠨᠳᠠᠭᠠᠨ ᠡᠭᠦᠰᠪᠡᠦ ᠡᠰᠡᠬᠦᠯ᠎ᠡ ᠦᠨᠳᠦᠰᠦ | ᠣᠭᠰᠠᠭᠠᠨ ᠤ ᠣᠨᠳᠣᠣᠰᠢᠯ ᠭᠡᠭᠴᠢ ᠨᠢ ᠠᠯᠪᠠ ᠪᠠᠷ ᠲᠦᠷᠢᠵᠦ ᠢᠷᠡᠪᠡᠦ ᠭᠡᠳᠡᠭ ᠢ ᠰᠢᠪᠠᠭᠤᠳ ᠤᠨ ᠬᠡᠨ ᠠᠯᠢᠨ | ᠴᠦ ᠪᠣᠳᠣᠯᠬᠢᠯᠠᠬᠤ ᠵᠣᠷᠢᠭ ᠬᠦᠷᠦᠭᠰᠡᠨ ᠦᠭᠡᠢ᠃ ᠨᠡᠩ ᠴᠦ ᠠᠯᠣᠰ ᠢᠷᠡᠭᠡᠳᠦᠢ᠂ ᠣᠳᠣᠮ ᠣᠭᠰᠠᠭ᠎ᠠ ᠬᠡᠮᠡᠬᠦ | ᠠᠭᠤᠣ ᠪᠣᠳᠣᠯ ᠠᠪᠣᠷᠭᠤ ᠬᠦᠰᠡᠯ ᠭᠡᠭᠴᠢ ᠶᠢ ᠶᠠᠭᠤ ᠶᠢ ᠨᠢ ᠦᠭᠦᠯᠡᠬᠦᠪ᠃ ᠨᠠᠭᠠᠳᠣ ᠵᠠᠬ᠎ᠠ ᠶᠢᠨ ᠦᠨᠦ ᠮᠠᠷᠭᠠᠰᠢ | ᠶᠢᠨ ᠠᠮᠢᠳᠣᠷᠠᠯ ᠠᠬᠤᠢ ᠶᠠᠮᠠᠷ ᠪᠣᠯᠣᠨ᠎ᠠ ᠭᠡᠳᠡᠭ ᠢ ᠦᠪᠦᠩ ᠲᠣᠯᠣᠭᠠᠶᠢᠳᠣ᠂ ᠣᠳᠣᠢ ᠰᠡᠭᠦᠯᠳᠦ ᠲᠡᠳᠡ ᠪᠦᠬᠦᠨ ᠢᠶᠠᠷ | ᠢᠶᠠᠨ ᠪᠣᠳᠣᠵᠦ ᠰᠡᠳᠬᠢᠬᠦ ᠠᠴᠠ ᠪᠠᠨ ᠴᠦ ᠬᠠᠯᠢᠷᠠᠨ ᠰᠦᠷᠳᠡᠬᠦ ᠪᠣᠯᠣᠭᠰᠠᠨ ᠬᠤᠶᠢᠨ᠎ᠠ ᠦᠪᠡᠷ ᠪᠡᠶ᠎ᠡ ᠶᠢᠨ ᠬᠢᠨ | ᠦᠬᠦᠯ᠂ ᠦᠨᠳᠦᠰᠦ ᠣᠭᠰᠠᠭᠠᠨ ᠤ ᠬᠢᠨ ᠮᠦᠬᠦᠯ ᠬᠡᠮᠡᠭᠴᠢ ᠶᠢ ᠲᠦᠰᠦᠭᠡᠯᠡᠨ ᠪᠣᠳᠣᠬᠤ ᠵᠣᠷᠢᠭ ᠰᠦᠰᠦ ᠠᠯᠢ | ᠬᠡᠳᠦᠶᠢᠨᠡᠢ ᠠᠷᠢᠯᠵᠦ ᠪᠦᠷᠢᠯᠦᠭᠰᠡᠨ ᠠᠵᠣᠭᠤ ᠁ | | |