ᠰᠠᠯᠬᠢ ᠢᠰᠭᠡᠷᠣᠨ ᠳᠣᠭᠤᠰᠣ ᠮᠠᠨᠠᠷᠠᠭᠠᠳ᠂ ᠳᠡᠭᠷᠢ ᠭᠠᠵᠠᠷ ᠨᠠᠶᠢᠯᠡᠮᠡᠷ ᠵᠠᠩᠨᠠᠨ᠎ᠠ᠃ | ᠠᠶᠢᠯ ᠤᠳ ᠤᠨ ᠭᠠᠳᠠᠨ᠎ᠠ ᠬᠤᠪᠢᠳᠠᠵᠦ ᠣᠯᠣᠭᠰᠠᠨ ᠮᠠᠯ ᠣᠨᠤᠭ᠎ᠠ ᠭᠡᠵᠦ ᠴᠦᠬᠡᠨ ᠭᠡᠳᠦ ᠯᠡ ᠬᠠᠷᠠᠬᠳᠠᠬᠤ | ᠪᠦᠭᠡᠳ ᠦᠵᠡᠬᠦ ᠶᠢᠨ ᠳᠦᠷᠢ ᠦᠬᠡᠢ ᠳᠡᠬᠡᠶᠢᠵᠤ ᠱᠣᠪᠳᠣᠶᠢᠭᠰᠠᠨ ᠪᠤᠭᠤᠷᠤᠯ ᠰᠡᠷᠡᠯ ᠶᠢᠰᠦᠨ ᠦᠩᠬᠡ ᠶᠢᠨ ᠶᠠᠭᠤᠮᠠᠰ | ᠡᠪᠡᠶᠢᠵᠦ ᠲᠡᠪᠡᠶᠢᠨ ᠭᠤᠶᠢᠭᠤᠷᠠᠵᠠᠭᠠᠨᠠ᠃ | ᠲᠡᠭᠡᠷ᠎ᠡ ᠠᠴᠠ ᠵᠠᠬᠢᠶ᠎ᠠ ᠵᠢᠭᠠᠪᠣᠷᠢ ᠭᠡᠵᠤ ᠴᠠᠰᠣᠨ ᠯᠠᠪᠰᠠ ᠮᠡᠳᠦ ᠪᠠᠭᠤᠵᠤ᠂ ᠮᠠᠯᠴᠢᠨ ᠠᠷᠠᠳ ᠢ ᠪᠠᠶᠠᠵᠢᠨ | ᠴᠢᠨᠡᠭᠡᠯᠢᠭᠵᠢᠭᠦᠯᠬᠦ ᠳᠦᠷᠦ ᠶᠢᠨ ᠪᠣᠳᠣᠯᠭ᠎ᠠ ᠪᠠᠴᠢᠮ ᠲᠣᠯᠭᠠᠭᠤ ᠮᠣᠷᠢᠯᠠᠨ ᠰᠠᠭᠠᠳᠠᠨ᠎ᠠ᠃ | ︽ᠮᠠᠯ ᠤᠨ ᠳᠤᠭ᠎ᠠ ᠶᠢ ᠪᠠᠭᠠᠰᠬᠠᠵᠤ ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ᠎ᠡ᠃ ᠬᠦᠮᠦᠨ ᠤ ᠬᠠᠷᠢᠴᠡᠯ ᠢᠶᠠᠷ | ᠬᠢᠵᠠᠭᠠᠷᠯᠠᠵᠦ ᠪᠡᠯᠴᠢᠭᠡᠷ ᠤᠨ ᠳᠠᠭᠠᠭᠠᠴᠠ ᠳᠤ ᠵᠣᠬᠢᠴᠠᠭᠤᠯᠤᠨ᠎ᠠ᠃ ᠣᠷᠣᠨ ᠤ ᠦᠭᠡᠷ ᠢ ᠬᠤᠳᠠᠯᠳᠣᠵᠤ ᠰᠠᠭᠠᠯᠢ ᠶᠢᠨ | ᠦᠨᠢᠶ᠎ᠡ ᠳᠡᠵᠢᠭᠡᠨ᠎ᠠ᠃ ᠨᠤᠳᠤᠭ ᠤᠨ ᠢᠮᠠᠭ᠎ᠠ ᠶᠢ ᠤᠰᠠᠳᠬᠠᠵᠤ ᠪᠡᠯᠴᠢᠭᠡᠷ ᠣᠰᠣ ᠪᠠᠨ ᠬᠠᠮᠠᠭᠠᠯᠠᠨ᠎ᠠ᠃ | ᠪᠡᠯᠴᠢᠭᠡᠷᠯᠡᠬᠦᠯᠦᠨ ᠮᠠᠯᠵᠢᠬᠤ ᠶᠢ ᠴᠠᠭᠠᠵᠠᠯᠠᠵᠦ ᠬᠤᠷᠢᠵᠤ ᠲᠡᠵᠢᠭᠡᠬᠦ ᠶᠢ ᠬᠡᠷᠡᠭᠵᠢᠭᠦᠯᠦᠨ᠎ᠡ᠃ ᠡᠯᠡᠰᠦ ᠮᠠᠩᠬ᠎ᠠ ᠶᠢ | ᠪᠢᠳᠡᠭᠦᠮᠵᠢᠯᠡᠵᠤ ᠬᠤᠳᠠᠴᠢᠯᠠᠯᠳᠠ ᠶᠢᠨ ᠠᠯᠬᠤᠮ ᠢ ᠲᠦᠷᠭᠡᠳᠭᠡᠨ᠎ᠡ ᠁︾ | ᠁ | ︽ᠪᠤᠬᠠᠨ ᠪᠦᠭᠡᠷ᠎ᠡ ᠶᠢ ᠠᠪᠬᠤ ᠬᠡᠷᠡᠭᠳᠡᠢ᠂ ᠨᠢᠭᠡ ᠶᠢ ᠴᠣ᠋ ᠦᠯᠡᠳᠡᠭᠡᠯ ᠦᠭᠡᠢ ᠪᠦᠬᠦᠨ ᠢ ᠠᠪᠬᠤ ᠬᠡᠷᠡᠭᠳᠡᠢ︾ | ᠰᠢᠨ᠎ᠡ ᠰᠡᠪᠡᠭᠦᠨ ᠵᠠᠷᠯᠢᠭ ᠵᠠᠬᠢᠶ᠎ᠠ ᠳᠠᠬᠢᠨᠳᠠ ᠤᠯᠠᠮᠵᠢᠯᠠᠬᠳᠠᠨ ᠢᠷᠡᠯ᠎ᠡ᠃ | — ᠪᠣᠷᠬᠠᠨ ᠭᠤᠷᠪᠠᠨ ᠡᠷᠳᠡᠨᠢ ᠡ︕ ᠪᠣᠬ᠎ᠠ ᠨᠢ ᠪᠦᠭᠡᠷ᠎ᠡ ᠦᠭᠡᠢ ᠁ ᠦᠨᠦ ᠡᠷᠳᠡᠨᠢ ᠨᠢ ᠦᠭᠡᠢ ᠪᠠᠷ | ᠶᠠᠭᠠᠬᠢᠵᠤ ᠁ | — ᠡᠵᠡᠭᠡᠢ ᠡ︕ ᠦᠨᠢᠶ᠎ᠡ ᠨᠢ ᠳᠡᠭᠡᠭᠡᠳ ᠶᠠᠭᠠᠬᠢᠵᠤ ᠬᠡᠭᠡᠯᠳᠣᠭᠡᠳ ᠡᠶᠢᠵᠤ ᠳᠦᠷᠦᠳᠡᠭ ᠶᠤᠮ ᠪᠣᠯ︖ | ᠁ | — ᠭᠠᠳᠠᠭᠠᠳᠣ ᠭᠦᠷᠦᠨ ᠤ ᠢᠴᠡᠭᠡᠯ ᠴᠣ᠋ ᠬᠡᠨᠡᠤ ᠬᠦᠯᠳᠡᠬᠦᠦ ᠴᠣ᠋ ᠬᠡᠨᠡᠣ ︽ᠰᠢᠯᠢᠳᠡᠭ ᠦᠷ᠎ᠡ︾ ᠭᠡᠨ᠎ᠡ ᠁ | ᠮᠠᠩᠬᠠᠨ ᠪᠣᠯᠣᠩ ᠤᠨ ᠮᠠᠯᠴᠢᠳ᠂ ᠠᠭᠤᠯᠠᠨ ᠵᠢᠯᠠᠭ᠎ᠠ ᠶᠢᠨ ᠠᠳᠣᠭᠤᠴᠢᠳ ᠁ ︽ᠪᠠᠶᠢᠭᠠᠯᠢ ᠣᠷᠴᠢᠨ ᠲᠠᠢ | ᠪᠠᠨ ᠵᠣᠬᠢᠴᠠᠯᠠ︾ ᠭᠡᠵᠦ ᠦᠪᠡᠷᠰᠡᠳ ᠢᠶᠠᠨ ᠪᠣᠳᠣᠳᠠᠭ ᠤᠨ ᠣᠴᠢᠷ ︽ᠪᠠᠯᠠᠷᠯᠢᠭ ᠠᠵᠦ ᠠᠬᠤᠶᠢᠯᠠᠯ︾ ᠠᠴᠠ ᠨᠢ | ᠴᠢᠯᠦᠭᠡᠯᠡᠵᠦ᠂ ︽ᠰᠢᠨᠵᠢᠯᠡᠬᠦ ᠣᠬᠠᠭᠠᠨᠴᠢ ᠪᠠᠷ ᠮᠠᠯᠵᠢᠬᠤ︾ ᠭᠡᠭᠴᠢ ᠶᠢ ᠨᠢ ᠣᠶᠢᠯᠠᠭᠠᠵᠣ ᠶᠠᠳᠠᠨ ᠭᠠᠶᠢᠬᠠᠯᠳᠣᠬᠤ ᠶᠢ | ᠬᠡᠨ ᠪᠣᠷᠣᠭᠤ ᠭᠡᠬᠦ ᠪᠢᠯᠠ︕ | ᠳᠡᠭᠡᠳᠤ ᠱᠠᠳᠣᠨ ᠠᠴᠠ ᠢᠷᠡᠭᠰᠡᠨ ᠬᠦᠮᠦᠰ᠂ ᠬᠠᠷ᠎ᠠ ᠡᠪᠤᠭᠡᠨ ︵ᠬᠠᠷ᠎ᠠ ᠬᠦᠦ︶ ᠤ ᠬᠠᠯᠢᠭᠤᠨ ᠬᠦᠷᠡᠩ | ᠰᠢᠳᠦᠯᠡᠩ ᠪᠤᠬ᠎ᠠ ᠠᠴᠠ ᠡᠬᠢᠯᠡᠨ ᠮᠠᠯ ᠲᠠᠢ ᠬᠡᠳᠣᠨ ᠠᠶᠢᠯ ᠤᠨ ᠬᠠᠷ᠎ᠠ ᠠᠯᠠᠭ᠂ ᠰᠢᠷ᠎ᠠ ᠠᠯᠠᠭ ᠁ ᠶᠢᠰᠦᠨ | ᠦᠩᠬᠡ ᠶᠢᠨ ᠠᠷᠪᠠᠭᠠᠳ ᠪᠢᠷᠠᠭᠤᠨ ᠪᠣᠬ᠎ᠠ ᠶᠢ ᠬᠦᠢ ᠪᠠᠶᠢᠵᠠ ᠶᠢ ᠬᠦᠯᠢᠶᠡᠯ ᠦᠭᠡᠢ ᠵᠠᠬ᠎ᠠ ᠳᠠᠷᠠᠭᠠᠯᠠᠨ ᠴᠠᠭᠠᠯᠠᠵᠤ | ᠬᠠᠶᠠᠭᠠᠳ ᠡᠭᠦᠷᠭᠡ ᠪᠠᠨ ᠠᠮᠵᠢᠯᠳᠠ ᠲᠠᠢ ᠪᠡᠶᠡᠯᠡᠭᠦᠯᠦᠨ ᠰᠡᠳᠬᠢᠯ ᠨᠢ ᠠᠮᠠᠷᠠᠨ ᠲᠠᠶᠢᠳᠬᠤᠷᠠᠭᠰᠠᠨ ᠪᠤᠯᠤᠯᠳᠠᠢ | ᠬᠦᠭᠡᠷᠦᠯᠳᠣᠨ ᠨᠠᠷᠬᠢᠵᠤ ᠭᠠᠷᠣᠯ᠎ᠠ᠃ | ᠲᠡᠭᠡᠨ ᠪᠠᠶᠢᠳᠠᠯ᠎ᠠ ᠶᠠᠭᠤᠮᠠᠨ ᠲᠣᠷ᠎ᠠ ᠲᠠᠢ ᠨᠢᠭᠡ ᠨᠢ ᠴᠠᠭᠠᠯᠠᠵᠦ ᠬᠠᠶᠠᠭᠰᠠᠨ ᠪᠣᠬᠠᠨ ᠪᠦᠭᠡᠷ᠎ᠡ ᠨᠦᠭᠦᠳ ᠢ | ᠴᠤᠬᠯᠠᠭᠤᠯᠤᠨ ᠣᠭᠤᠳᠠᠯᠠᠭᠠᠳ ︽ᠰᠢᠷᠠᠵᠤ ᠢᠳᠡᠪᠡᠯ ᠴᠢᠬᠢ ᠣᠬᠳᠣᠯᠪᠠᠴᠤ ᠮᠡᠳᠡᠬᠦ ᠦᠭᠡᠢ ᠁ ᠲᠡᠭᠡᠷ᠎ᠡ ᠨᠢ | ᠲᠡᠭᠡᠭᠡᠳ ᠬᠤᠶᠠᠷ ᠣᠣᠭᠤᠴᠢᠬᠤ ᠶᠠᠭᠤᠮ᠎ᠠ ᠲᠠᠢ ᠪᠣᠯ︾ ᠭᠡᠳ ᠦᠵᠦᠬᠦᠷ ᠦᠭᠡᠢ ᠣᠯᠵᠠᠷᠬᠠᠨ ᠬᠦᠭᠡᠷᠴᠦ ᠪᠠᠶᠢᠳᠠᠯ᠎ᠠ | ᠠᠯᠢ ᠬᠡᠳᠦᠶᠢᠨ ᠠᠴᠠ ᠠᠭᠤᠷᠯᠠᠨ ᠲᠡᠨᠴᠢᠭᠦᠷᠡᠵᠦ ᠪᠠᠶᠢᠬᠰᠠᠨ ᠬᠠᠷ᠎ᠠ ᠡᠪᠤᠬᠡᠨ ᠤ ᠠᠭᠤᠰᠬᠢ ᠵᠢᠷᠦᠬᠡ ᠳᠡᠯᠪᠡᠷᠡᠮᠡᠷ | ᠪᠣᠯᠵᠤ᠄ | ︽ᠡᠨᠡ ᠪᠤᠯ ᠮᠠᠯ ᠤᠨ ᠮᠢᠨᠢ ᠬᠡᠶᠢᠮᠦᠷᠢ ᠬᠡᠰᠢᠭ᠃ ᠮᠠᠯᠴᠢᠨ ᠬᠦᠮᠦᠨ ᠢᠳᠡᠬᠦ ᠶᠢ ᠪᠠᠶᠢᠴᠢᠬ᠎ᠠ ᠨᠤᠬᠠᠢ ᠳᠤ ᠪᠠᠨ | ᠴᠤ ᠦᠭᠳᠡᠭ ᠦᠭᠡᠢ ᠶᠤᠮ︾ ᠬᠡᠳ ᠪᠤᠯᠢᠶᠠᠬᠤ ᠰᠢᠤᠬᠠᠨ ᠰᠢᠭᠦᠷᠤᠨ ᠠᠪᠣᠮᠠᠭᠴᠠ ᠣᠮᠠᠷ᠎ᠠ ᠵᠦᠭ ᠴᠢᠭᠯᠡᠨ | ᠭᠦᠶᠦᠭᠰᠡᠭᠡᠷ ᠠᠶᠢᠯ ᠠᠴᠠ ᠵᠠᠶᠢᠳᠠᠭᠤᠬᠠᠨ ᠪᠠᠶᠢᠭ᠎ᠠ ᠨᠠᠮᠬᠠᠨ ᠬᠦᠳᠦᠯ ᠲᠡᠭᠡᠷ᠎ᠡ ᠭᠠᠷᠣᠭᠠᠳ ᠵᠣᠭᠰᠣᠪᠠ᠃ ᠲᠡᠷᠡ ᠬᠠᠨ | ᠬᠠᠶᠢᠷᠬᠠᠨ ᠦᠭᠡᠳᠡ ᠪᠠᠨ ᠬᠠᠨᠳᠣᠨ ᠰᠦᠭᠦᠳᠦᠨ ᠮᠦᠷᠭᠦᠭᠡᠳ᠂ ᠦᠨᠦ ᠡᠵᠡᠨ ᠠᠴᠠ ᠪᠠᠨ ᠰᠠᠯᠣᠭᠠᠳ ᠦᠨ᠎ᠡ | ᠪᠡᠨ᠎ᠡ ᠪᠠᠨ ᠠᠯᠳᠠᠭᠰᠠᠨ ᠡᠷᠳᠡᠨᠢ ᠨᠦᠭᠦᠳ ᠢᠶᠠᠨ ᠡᠪᠳᠡᠶᠢᠬᠢᠨ ᠭᠠᠵᠠᠷ ᠰᠣᠩᠭᠤᠨ ᠪᠠᠶᠢᠵᠦ ᠬᠢᠴᠢᠶᠡᠮᠵᠢᠳᠡᠶᠢᠬᠢᠨ | ᠪᠣᠯᠠᠵᠤ ᠳᠠᠯᠪᠢᠵᠠᠢ᠃ | | ᠨᠠᠷᠠᠨ ᠤ ᠲᠣᠣᠷ᠎ᠠ ᠨᠠᠰᠣ ᠪᠠᠷ ᠢᠶᠠᠨ ᠶᠠᠪᠣᠵᠦ᠂ ᠰᠦᠷᠦᠭ ᠤᠨ ᠢᠶᠠᠨ ᠲᠡᠷᠭᠡᠳᠡ ᠪᠡᠶ᠎ᠡ ᠪᠠᠨ ᠡᠯᠡᠭᠡᠭᠰᠡᠨ | ᠬᠠᠷ᠎ᠠ ᠡᠪᠤᠬᠡᠨ᠂ ᠪᠣᠳᠣᠯ ᠳᠠᠭᠠᠨ ᠳᠠᠷᠤᠬᠳᠠᠨ ᠰᠡᠳᠬᠢᠯ ᠢᠶᠠᠷ ᠣᠨᠠᠭᠠᠳ ᠪᠠᠶᠢᠨ ᠲᠠᠬᠢᠨ ᠮᠡᠯᠡᠷᠡᠨ ᠭᠦᠯᠢᠷᠡᠬᠦ ᠪᠣᠯᠵᠠᠢ᠃ | | ᠰᠦᠷ ᠪᠠᠳᠠᠷᠠᠭᠤᠯᠤᠨ ᠰᠦᠷᠦᠭ ᠢᠶᠠᠨ ᠡᠵᠡᠯᠡᠭᠰᠡᠨ ᠪᠦᠳᠦᠭᠦᠨ ᠬᠠᠷ᠎ᠠ᠂ ᠰᠣᠶᠤᠯᠠᠩ ᠤᠯᠠᠭᠠᠨ ᠨᠢ | ᠪᠣᠳᠣᠬᠳᠠᠨ᠎ᠠ᠃ | ᠬᠦᠳᠡᠬᠢ ᠪᠦᠳᠦᠭᠦᠨ ︽ᠬᠦᠭᠡᠷᠦᠬᠦᠢ ᠮᠤᠬᠤᠷ︾ ᠬᠠᠷ᠎ᠠ ᠲᠠᠷᠯᠠᠨ ᠨᠢ ᠴᠤ ᠰᠠᠨᠠᠭᠠᠨ ᠳᠤ ᠨᠢ ᠣᠷᠣᠨ᠎ᠠ᠃ | ᠬᠠᠰ ᠢᠶᠠᠨ ᠬᠤᠰᠣᠭᠤᠯᠵᠦ ᠬᠠᠪᠳᠠᠭ ᠢᠶᠠᠨ ᠰᠣᠯᠠᠯᠠᠭᠤᠯᠤᠬᠰᠠᠨ ᠦᠨᠦ ᠮᠠᠭᠤ ᠰᠠᠶᠢᠨ ᠪᠤᠬᠠᠨᠳᠠᠢ ᠨᠤᠭᠤᠳ | ᠨᠢ ︽ᠡᠷᠳᠡᠨᠢ ᠶᠢ ᠮᠢᠨᠢ ᠠᠪᠴᠢᠷᠠ ᠁ ᠬᠤᠷᠣ ᠶᠣᠷᠣ ᠶᠢᠨ ᠬᠤᠪᠠᠭ᠋ᠠᠢ ᠬᠠᠷ᠎ᠠ ᠴᠢ ᠁︾ ᠭᠡᠳ ᠲᠠᠯ᠎ᠠ | ᠲᠠᠯ᠎ᠠ ᠠᠴᠠ ᠨᠢ ᠭᠦᠯᠦᠶᠢᠨ ᠴᠠᠶᠢᠪᠠᠶᠢᠭᠠᠳ ᠪᠠᠶᠢᠬᠤ ᠨᠢ ᠦᠵᠡᠭᠳᠡᠵᠦ ᠬᠠᠷᠠᠭᠳᠠᠵᠦ ᠪᠠᠶᠢᠮᠠᠷ ᠰᠠᠨᠠᠭᠳᠠᠨ᠎ᠠ ᠁ | ᠬᠠᠷ᠎ᠠ ᠡᠪᠦᠭᠡᠨ ᠤ ᠲᠣᠳᠣᠷ᠎ᠠ ᠰᠢᠷᠬᠠᠯᠠᠨ ᠰᠢᠨᠠᠯᠵᠦ᠂ ᠮᠠᠯ ᠰᠦᠷᠦᠭ᠂ ᠮᠠᠯᠴᠢᠨ ᠲᠦᠮᠡᠨ ᠳᠡᠭᠡᠨ ᠶᠠᠯ᠎ᠠ ᠨᠢᠭᠦᠯ | ᠬᠢᠭᠰᠡᠨ ᠰᠢᠭ ᠯᠡ ᠪᠣᠳᠣᠭᠳᠠᠬᠤ ᠪᠦᠭᠡᠳ ᠨᠡᠶᠢᠭᠡᠮ ᠨᠡᠶᠢᠳᠡ ᠵᠠᠰᠠᠭ ᠲᠦᠷᠦ ᠳᠡᠭᠡᠨ ᠣᠰᠣᠯ ᠪᠣᠷᠣᠭᠤ ᠲᠠᠢ | ᠶᠠᠪᠣᠭᠰᠠᠨ ᠰᠢᠭ᠋ ᠯᠡ ᠰᠠᠨᠠᠭᠳᠠᠭᠠᠳ ᠲᠦᠷᠦ ᠶᠢᠨ ᠪᠣᠳᠣᠯᠭ᠎ᠠ ᠶᠢᠨ ᠨᠠᠶᠢᠳᠠᠪᠦᠷᠢᠵᠢᠬᠤ ᠳᠤ᠂ ᠲᠦᠩ ᠲᠦᠮᠡᠨ ᠤ | ᠴᠢᠨᠡᠭᠡᠯᠢᠭᠵᠢᠬᠦ ᠳᠤ ᠭᠠᠭᠴᠠ ᠲᠡᠷᠡ ᠯᠡ ᠬᠠᠷᠢᠭᠤᠴᠠᠯᠭ᠎ᠠ ᠠᠯᠳᠠᠭᠰᠠᠨ ᠰᠢᠭ᠋ ᠦᠪᠡᠷ ᠤᠨ ᠪᠡᠶ᠎ᠡ ᠳᠤ ᠪᠠᠨ ᠭᠤᠮᠣᠳᠠᠬᠤ | ᠂ ᠬᠠᠷᠠᠰᠠᠬᠤ᠂ ᠬᠤᠷᠣᠰᠬᠤ ᠪᠣᠯᠣᠨ ᠬᠤᠪᠢᠷᠠᠭᠰᠠᠨ ᠢᠶᠠᠷ ᠪᠠᠷᠠᠬᠤ ᠦᠭᠡᠢ ᠠᠳᠠᠯᠠᠨ ᠭᠤᠯᠣᠬᠤ᠂ ᠪᠣᠷᠣᠭᠤᠳᠬᠠᠨ | ᠵᠢᠮᠡᠯᠡᠬᠦ᠂ ᠰᠢᠭᠦᠨ ᠰᠢᠭᠦᠮᠵᠢᠯᠡᠬᠦ ᠪᠣᠯᠵᠣ ᠵᠠᠩᠰᠢᠵᠠᠢ᠃ | | ᠬᠤᠰᠠᠷᠠᠩ ᠦᠨᠢᠶ᠎ᠡ᠂ ᠶᠠᠭᠤ ᠨᠢᠭᠡ ᠶᠢ ᠬᠦᠰᠡᠭᠡᠳ ᠣᠶᠠᠷᠠᠯᠳᠠᠢ ᠮᠦᠭᠡᠷᠦᠨᠡ ᠁ | ᠬᠠᠷ᠎ᠠ ᠡᠪᠦᠭᠡᠨ᠂ ᠶᠠᠭᠤ ᠨᠢᠭᠡ ᠶᠢ ᠦᠭᠡᠶᠢᠯᠡᠭᠡᠳ ᠭᠤᠮᠣᠳᠠᠯᠳᠠᠢ ᠰᠡᠭᠦᠷᠡᠰᠦᠯᠡᠨ᠎ᠡ ᠁ | | |