ᠨᠣᠳᠤᠭ ᠤᠨ ᠪᠣᠬ᠎ᠠ  ︵1︶
ᠨᠡᠶᠢᠲᠡᠯᠡᠭᠰᠡᠨ ᠴᠠᠭ᠄
2020/11/3
ᠵᠣᠬᠢᠶᠠᠯᠴᠢ᠂ ᠲᠠᠭᠤᠳᠠᠭᠠᠴᠢ ᠠᠯᠳᠠᠨ᠋ᠧᠴᠢᠷ ᠤᠨ ︽ᠨᠣᠳᠤᠭ ᠤᠨ ᠪᠣᠬ᠎ᠠ︾ ︽ᠨᠡᠭᠦᠳᠡᠯ ᠤᠨ ᠰᠢᠪᠠᠭᠤ︾ ︽ᠡᠴᠣᠰ ᠎ ᠤᠨ ᠶᠠᠩᠬᠢᠷ︾ ᠬᠡᠮᠡᠬᠦ ᠠᠮᠢᠳᠠᠨ ᠢᠶᠠᠷ ᠰᠡᠳᠦᠪᠯᠡᠭᠰᠡᠨ ᠭᠤᠷᠪᠠᠨ ᠦᠭᠦᠯᠡᠯᠭᠡ ᠨᠢ 2014 ᠣᠨ ᠤ ︽ᠦᠨᠢᠷ ᠴᠡᠴᠡᠭ ︾ ᠰᠡᠳᠬᠦᠯ ᠤᠨ 1 ᠳ᠋ᠣᠭᠡᠷ᠂ 7 ᠳ᠋ᠣᠭᠠᠷ᠂ 11 ᠳ᠋ᠣᠭᠡᠷ ᠬᠤᠭᠤᠴᠠᠭᠠᠨ ᠲᠡᠭᠡᠷ᠎ᠡ ᠲᠣᠰ ᠲᠣᠰ ᠨᠠᠶᠢᠷᠠᠭᠤᠯᠣᠭᠴᠢ ᠎ ᠶᠢᠨ ᠴᠣᠬᠤᠯᠪᠣᠷᠢ ᠲᠠᠢ ᠨᠡᠶᠢᠳᠡᠯᠡᠭᠳᠡᠭᠡᠳ ᠦᠷᠭᠡᠨ ᠣᠯᠠᠨ ᠣᠩᠰᠢᠭᠴᠢᠳ ᠤᠨ ᠲᠣᠮᠳᠠ ᠨᠡᠯᠢᠶᠡᠳ ᠶᠡᠭᠡ ᠨᠦᠯᠦᠭᠡ ᠲᠣᠰᠬᠠᠯ ᠲᠠᠢ ᠪᠣᠯᠣᠭᠰᠠᠨ ᠪᠠᠶᠢᠨ᠎ᠠ᠃ ᠣᠳᠣ ᠲᠣᠰ ᠭᠤᠷᠪᠠᠨ ᠦᠭᠦᠯᠡᠯᠭᠡ  ᠶᠢ  ᠲᠠ ᠣᠯᠠᠨ ᠳᠠᠭᠠᠨ  ᠪᠦᠯᠦᠭ ᠬᠤᠪᠢᠶᠠᠨ ᠡᠷᠭᠦᠨ ᠪᠠᠷᠢᠯ᠎ᠠ᠃ ᠲᠠᠭᠠᠯᠠᠨ ᠪᠣᠯᠭᠠᠮᠣ︕                                                                      ᠨᠣᠳᠤᠭ ᠤᠨ ᠪᠣᠬ᠎ᠠ                                                     1       ᠨᠠᠷᠠ ᠳᠤᠯᠠᠶᠢᠨ ᠳᠡᠭᠷᠢ ᠴᠡᠯᠮᠠᠶᠢᠭᠡᠳ᠂ ᠡᠭᠡᠷᠡᠮ᠎ᠠ ᠳᠠᠯ᠎ᠠ ᠦᠪᠴᠢ ᠨᠤᠭᠤᠭᠠᠨ᠃ᠬᠠᠷ᠎ᠠ ᠤᠯᠠᠭᠠᠨ ᠵᠢᠰᠦᠮ ᠢᠶᠠᠷ ᠠᠯᠠᠭᠯᠠᠭᠰᠠᠨ ᠬᠤᠷᠰᠢᠶᠠᠵᠢᠯ ᠤᠨ ᠰᠦᠷᠦᠭ ᠢᠶᠠᠨ ᠬᠠᠷᠠᠵᠤ ᠰᠠᠭᠤᠭᠰᠠᠨ ᠬᠠᠷ᠎ᠠ ᠬᠦᠦ ᠶᠢᠨ ᠰᠡᠳᠬᠢᠯ ᠰᠠᠨᠠᠭ᠎ᠠ ᠳᠡᠨᠢᠬᠦᠭᠡᠨ ᠪᠦᠭᠡᠳ ᠪᠠᠶᠠᠰᠬᠤᠯᠠᠩᠳᠠᠢ᠃ᠪᠦᠳᠦᠬᠦᠨ ᠬᠠᠷ᠎ᠠ ᠪᠣᠬ᠎ᠠ ᠰᠡᠯᠡᠮᠡᠨ ᠡᠪᠡᠷ ᠢᠶᠠᠨ ᠰᠡᠷᠡᠯᠵᠢᠭᠦᠯᠦᠨ᠂ ᠰᠦᠷ ᠪᠠᠳᠠᠷᠠᠭᠤᠯᠤᠨ ᠰᠣᠷᠳᠣᠭᠤᠯᠣᠭᠠᠳ ᠦᠨᠦᠬᠡᠨ ᠯᠡ ᠣᠷᠤᠭ᠎ᠠ ᠣᠷᠣᠭᠰᠠᠨ ᠬᠠᠷᠠᠭᠴᠢ ᠭᠤᠨᠵᠢ ᠶᠢ ᠬᠤᠪᠢᠯᠣᠨ ᠦᠮᠴᠢᠷᠬᠡᠭᠡᠳ ᠬᠡᠨ ᠠᠯᠢᠨ ᠨᠢ ᠴᠦ ︽ᠭᠤᠷᠢ ᠪᠠᠨ ᠳᠠᠳᠠ  ᠂ ᠨᠢᠰᠦ ᠪᠠᠨ ᠲᠣᠯᠢᠶᠠ︕︾ ᠬᠡᠰᠡᠨ ᠰᠢᠭ ᠬᠠᠷᠠᠮᠴᠢ ᠬᠡᠪᠴᠢᠭ ᠠᠭᠠᠳ ᠲᠣᠭᠰᠢᠨ ᠲᠦᠷᠢᠮᠡᠬᠡᠢ ᠲᠦᠷᠢᠯᠡᠨ᠎ᠡ᠃ ᠳᠡᠬᠦᠨ ᠤ ᠪᠠᠶᠢᠨ ᠪᠠᠶᠢᠨ ᠦᠨᠦᠷᠯᠡᠨ᠂ ᠳᠠᠬᠢᠨ ᠳᠠᠬᠢᠨ ᠲᠠᠮᠰᠢᠶᠠᠯᠠᠭᠠᠳ᠂ ᠳᠣᠯᠤᠭᠠᠢ ᠳᠣᠯᠵᠢᠢᠯᠭᠠᠨ ᠬᠠᠮᠠᠷ ᠰᠢᠨᠳᠠᠶᠢᠯᠭᠠᠭᠠᠳ ︽ᠮᠦ᠋  ᠊᠊᠊ ᠮᠦ᠋ ᠊᠊᠊᠊ ᠊᠊᠊᠊︾ ᠬᠡᠮᠡᠨ ᠨᠠᠮᠬᠠᠨ ᠠᠳᠠᠯ᠎ᠠ ᠪᠠᠨ ᠢᠳᠡᠷᠡᠬᠦᠨ᠂ ᠤᠶᠠᠬᠠᠨ ᠠᠳᠠᠯ᠎ᠠ ᠪᠠᠨ ᠣᠮᠤᠭᠯᠠᠭᠤᠨ ᠮᠦᠭᠡᠷᠡᠬᠦ ᠢᠨᠦ ᠬᠠᠵᠠᠭᠤ ᠬᠠᠪᠢᠷᠭ᠎ᠠ ᠪᠠᠷ ᠨᠢ ᠨᠢᠳᠦ ᠬᠦᠯᠦᠶᠢᠨ ᠰᠢᠯᠦᠰᠦ ᠭᠤᠭᠤᠵᠢᠭᠤᠯᠣᠭᠠᠳ ᠵᠠᠪ ᠢ ᠦᠵᠡᠨ ᠳᠡᠯᠡᠰᠳᠡᠭᠦᠯᠬᠦ ᠶᠢ ᠰᠠᠨᠠᠭᠰᠠᠨ ᠪᠢᠷᠠᠭᠤ ᠰᠢᠳᠦᠯᠡᠩ ᠪᠣᠬᠠᠨᠳᠠᠢ ᠨᠤᠭᠤᠳ ᠢ ᠶᠠᠭᠠᠬᠢᠵᠦ ᠡᠶᠢᠬᠦ ᠶᠢᠨ ᠴᠦ ᠠᠷᠭ᠎ᠠ ᠦᠭᠡᠢ ᠲᠠᠷᠴᠢᠯᠠᠭᠠᠨ ᠵᠣᠪᠠᠭᠠᠬᠤ ᠠᠵᠣᠭᠤ᠃ ᠨᠡᠩ ᠴᠦ ᠲᠡᠷᠡ ᠬᠠᠷᠠᠭᠴᠢ ᠭᠤᠨᠵᠢ ᠰᠡᠭᠦᠯ ᠭᠤᠳᠣᠶᠢᠯᠭᠠᠨ ᠰᠢᠭᠡᠰᠦ ᠭᠤᠭᠤᠵᠢᠭᠤᠯᠣᠭᠠᠳ᠂ ᠲᠡᠪᠴᠢᠶᠡᠷᠢ ᠠᠯᠳᠠᠨ ᠲᠦᠷᠰᠦ ᠦᠭᠡᠶᠢᠳᠡᠭᠡᠳ ᠠᠮᠠᠷ ᠪᠠᠶᠢᠳᠠᠭ ᠦᠭᠡᠢ ᠶᠢ ᠶᠠᠭᠠᠬᠢᠨ᠎ᠠ ᠭᠡᠯᠳᠡᠢ︖ ︽ᠮᠦ᠊ ᠊᠊᠊᠊ ᠤᠨ᠂ ᠮᠦ᠊  ᠊᠊᠊᠊  ᠎ ᠤᠨ ᠁︾ ᠪᠢᠷᠠᠭᠤ ᠰᠢᠳᠦᠯᠠᠩ ᠪᠣᠬᠠᠨᠳᠠᠢ ᠨᠤᠭᠤᠳ ᠬᠦᠵᠦᠭᠦᠦ ᠰᠣᠩᠭᠠᠭᠠᠵᠣ ᠬᠤᠭᠤᠯᠠᠢ ᠰᠢᠬᠠᠨ ᠣᠬᠵᠤᠮ ᠳᠡᠭᠡᠷ᠎ᠡ ᠪᠠᠨ ᠬᠡᠭᠵᠢᠬᠦᠨ᠂ ᠣᠶᠠᠷᠠᠭᠤᠨ ᠲᠡᠭᠡᠷ᠎ᠡ ᠪᠠᠨ ᠭᠠᠩᠰᠠᠷᠠᠯ ᠲᠠᠢ ᠣᠷᠬᠢᠷᠠᠯᠳᠣᠨ ᠮᠦᠭᠡᠷᠡᠬᠦ ᠢᠨᠣ ᠣᠭᠤ ᠴᠦ ᠢᠨᠢᠶᠡᠳᠦᠮᠳᠡᠢ ᠠᠳᠠᠯ᠎ᠠ ᠪᠠᠨ ᠬᠦᠭᠡᠷᠦᠬᠦᠶᠢᠯᠡᠳᠡᠢ ᠠᠪᠠᠢ᠃ ᠬᠠᠷ᠎ᠠ ᠬᠦᠦ ᠲᠡᠰᠭᠡᠯ ᠦᠭᠡᠢ ᠬᠠᠳᠠᠭᠠᠨᠠᠨ ᠢᠨᠢᠶᠡᠭᠡᠳ᠄ ︽︿ᠣᠯᠳᠠ᠊  ᠊᠊᠊᠊  ‍ᠬᠤ ᠦᠭᠡᠢ᠂ ᠣᠯᠳᠠ᠊  ᠊᠊᠊᠊  ‍ᠬᠤ ᠦᠭᠡᠢ﹀ ᠭᠡᠵᠤ ᠣᠷᠬᠢᠷᠠᠯᠳᠣᠭᠠᠳ ᠴᠤ ᠶᠠᠭᠠᠬᠢᠬᠤᠪ ᠮᠠᠭᠤ ᠰᠠᠶᠢᠨ ᠪᠣᠬᠠᠨᠳᠠᠢ ᠨᠤᠭᠤᠳ᠃ ᠪᠦᠳᠦᠭᠦᠨ ᠬᠠᠷ᠎ᠠ ᠰᠢᠣᠬᠠᠨ ᠠᠶᠢᠬᠤᠪᠳᠣᠷ ᠶᠠᠭᠤᠮ᠎ᠠ ᠪᠣᠯᠬᠤ ᠪᠠᠷ ᠴᠢᠨᠢ ︿ᠮᠣᠩ᠊ ᠊᠊᠊᠊᠊ ᠳ᠋ᠠᠢ ᠤᠤ᠂ ᠮᠣᠩ᠊ — ᠳ᠋ᠠᠢ ᠦᠦ﹀ ᠬᠡᠮᠡᠨ ᠣᠮᠣᠷᠬᠠᠬᠤ ᠴᠠᠭ ᠢᠷᠡᠯᠭᠦᠢ ᠳ᠋ᠠ︾ ᠭᠡᠨ᠎ᠠ᠃                     ︽ᠮᠦ᠋ ᠁ ᠮᠦ᠋᠂ ᠮᠦ᠊ ᠊᠊᠊ ᠤᠨ ᠁ ᠮᠦ᠋ ᠁ ᠮᠦ᠋᠂ ᠮᠦ᠊  ᠊᠊᠊᠊᠊ ᠤᠨ  ︾      ᠡᠮᠤᠨ᠎ᠠ ᠵᠤ ᠶᠢ ᠳᠠᠪᠠᠭᠠᠳ ᠰᠣᠶᠤᠯᠠᠩ ᠤᠯᠠᠭᠠᠨ ᠪᠤᠬ᠎ᠠ᠂ ᠪᠣᠳᠠ ᠪᠤᠳᠠᠷᠭᠠᠨ᠎ᠠ ᠰᠠᠵᠢᠯᠠᠨ᠂ ᠬᠦᠷᠦᠰᠦ ᠰᠢᠷᠦᠢ ᠴᠠᠴᠢᠯᠠᠭᠰᠠᠭᠠᠷ ᠰᠦᠷᠦᠭ ᠵᠦᠭ ᠰᠦᠷ ᠳᠠᠳᠠᠨ ᠣᠶᠢᠷᠠᠳᠣᠪᠠ᠃       ᠰᠣᠶᠤᠯᠠᠩ ᠤᠯᠠᠭᠠᠨ ᠨᠢᠳᠦᠨᠤᠨ ᠵᠣᠨ ᠰᠦᠷᠦᠭ ᠤᠨ ᠡᠵᠡᠨ ᠪᠦᠳᠦᠭᠦᠨ ᠬᠠᠷ᠎ᠠ ᠲᠠᠢ ᠲᠠᠶᠢᠨ ᠲᠣᠯᠣᠯᠳᠣᠭᠠᠨ ᠪᠣᠯᠵᠤ᠂ ᠵᠠᠯᠠᠭᠤ ᠪᠤᠬ᠎ᠠ ᠶᠢᠨ ᠣᠮᠤᠭ ᠰᠦᠷ ᠣᠭᠵᠤᠮ ᠬᠦᠴᠦᠨ ᠢᠶᠠᠷ ᠣᠷᠤᠭᠠᠨ ᠤ ᠭᠤᠨᠵᠢ — ᠰᠠᠶᠢᠬᠠᠨ ᠣᠯᠠᠭᠠᠨ ᠢ ᠪᠤᠯᠢᠶᠠᠨ ᠡᠵᠡᠯᠡᠬᠦ ᠬᠡᠮᠡᠭᠰᠡᠨ ᠪᠠᠶᠢᠵᠠᠢ᠃ ᠳᠡᠭᠡᠬᠦ ᠳᠤ ᠪᠦᠳᠦᠭᠦᠨ ᠬᠠᠷ᠎ᠠ᠂ ᠵᠠᠯᠠᠭᠤ ᠤᠯᠠᠭᠠᠨ ᠤ ᠬᠦᠴᠦᠨ ᠎ ᠳᠤ ᠨᠢ ᠵᠣᠬᠢᠴᠠᠭᠤᠯᠤᠨ ᠳᠣᠯᠣᠨ ᠳᠣᠯᠣᠭᠰᠠᠨ ᠢᠶᠠᠨ ᠬᠡᠨᠡᠳᠳᠠ ᠬᠡᠯᠡᠪᠬᠢᠨ ᠵᠠᠶᠢᠯᠠᠬᠤ ᠪᠠᠷ ᠵᠠᠯᠠᠭᠤ ᠪᠤᠬ᠎ᠠ ᠢᠳᠡᠯᠡᠭᠰᠡᠨ ᠬᠦᠴᠦᠨ ᠳᠡᠭᠡᠨ ᠤᠷᠤᠭᠰᠢ ᠱᠣᠩᠭᠤᠨ ᠣᠷᠣᠳᠠᠯ᠎ᠠ ᠪᠦᠳᠦᠬᠦᠨ ᠪᠣᠬ᠎ᠠ ᠶᠢᠨ ᠬᠦᠨᠳᠦ ᠰᠡᠯᠡᠮ᠎ᠠ᠂ ᠤᠯᠠᠭᠠᠨ ᠴᠠᠪᠢ ᠤᠷᠤᠭᠤ ᠨᠢ ᠶᠠᠭᠠᠬᠢᠵᠤ ᠡᠶᠢᠬᠦ ᠶᠢᠨ ᠵᠠᠪ ᠦᠭᠭᠦᠯ ᠦᠭᠡᠢ ᠵᠠᠯᠠᠷᠠᠨ ᠪᠠᠭᠤᠵᠠᠢ᠃       ︽ᠣᠶᠢ᠊  —᠎ ᠤᠨ︾ ᠬᠡᠮᠡᠨ ᠭᠤᠣᠯ ᠤᠨ ᠳᠠᠭᠤ ᠭᠠᠷᠣᠭᠰᠠᠨ ᠵᠠᠯᠠᠭᠤ ᠤᠯᠠᠭᠠᠨ ᠤ ᠨᠢᠳᠦᠨ ᠠᠴᠠ ᠭᠠᠯ ᠪᠣᠳᠠᠷᠠᠨ᠂ ᠨᠠᠶᠢᠭᠤᠨ ᠲᠠᠶᠢᠪᠠᠵᠦ ᠠᠪᠤᠭᠰᠠᠨ ᠢᠶᠠᠨ ᠤᠭᠤᠷᠠᠭ ᠰᠦ ᠶᠢᠨ ᠰᠢᠮ᠎ᠠ᠂ ᠤᠤᠷ ᠰᠠᠨᠠᠭᠠᠨ ᠤ ᠮᠡᠳᠡᠷᠡᠮᠵᠢ ᠎ ᠪᠠᠷ ᠢᠶᠠᠨ ᠪᠡᠶ᠎ᠡ ᠪᠠᠨ ᠡᠵᠡᠮᠳᠡᠨ᠂ ᠴᠢᠰᠦ ᠨᠦᠵᠢ ᠪᠠᠨ ᠭᠤᠭᠤᠵᠢᠭᠤᠯᠣᠭᠠᠳ ᠲᠡᠭᠡᠯ ᠲᠣᠭᠤᠯ ᠭᠡᠭᠰᠡᠭᠡᠷ᠂ ᠡᠷᠬᠢᠵᠤ ᠬᠠᠷᠠᠬᠤ ᠴᠢᠳᠠᠯ ᠦᠭᠡᠢ ᠳᠣᠬᠤ ᠦᠵᠡᠭᠦᠯᠦᠨ ᠵᠢᠯᠢᠢᠭᠰᠡᠨ ᠪᠠᠶᠢᠵᠠᠢ᠃      ᠠᠨᠢᠷ ᠠᠪᠤᠭᠰᠠᠨ ᠪᠦᠳᠦᠭᠦᠨ ᠬᠠᠷ᠎ᠠ ᠪᠤᠬ᠎ᠠ᠂ ᠬᠠᠷᠠᠭᠴᠢ ᠭᠤᠨᠵᠢ ᠶᠢ ᠠᠷᠣ ᠳᠠᠭᠠᠨ ᠣᠷᠤᠭᠤᠯᠤᠨ ᠳᠠᠯᠳᠠᠯᠠᠭᠠᠳ᠂ ᠨᠢᠯᠬ᠎ᠠ ᠨᠤᠭᠤᠭ᠎ᠠ ᠶᠢ ᠰᠡᠷᠪᠡᠯᠵᠢᠳᠡᠯ᠎ᠠ᠂ ᠨᠢᠮᠭᠡᠨ ᠬᠦᠷᠦᠰᠦ ᠶᠢ ᠴᠡᠴᠡᠷᠡᠳᠡᠯ᠎ᠡ ᠰᠢᠷᠦᠢ ᠬᠠᠶᠠᠯᠠᠨ ᠬᠦᠩᠭᠢᠨᠠᠳᠠᠯ᠎ᠠ ᠣᠷᠬᠢᠷᠠᠭᠠᠳ᠂ ᠠᠳᠣᠷᠢᠵᠦ  ᠦᠳᠦᠷᠢᠭᠰᠡᠨ ᠪᠦᠳᠦᠭᠡᠨ ᠳᠣᠯᠤᠭᠠᠢ ᠪᠠᠨ ᠶᠠᠭᠠᠷᠠᠭ᠎ᠠ ᠦᠭᠡᠶᠢᠬᠡᠨ ᠳᠣᠷᠣᠭᠰᠢᠯᠠᠭᠤᠯᠤᠨ᠂ ᠠᠷᠬᠠᠶᠢᠵᠤ ᠰᠡᠷᠡᠶᠢᠭᠰᠡᠨ ᠬᠤᠶᠠᠷ ᠡᠪᠡᠷ ᠢᠶᠠᠨ ᠠᠭᠠᠵᠢᠮ ᠦᠭᠡᠶᠢᠬᠡᠨ ᠳᠠᠯᠵᠢᠢᠯᠭᠠᠨ᠂ ᠦᠭᠡᠳᠡ ᠠᠴᠠ ᠨᠢ ᠢᠷᠡᠬᠦ ᠢᠨᠠᠭ ᠬᠠᠶᠢᠷ᠎ᠠ᠂ ᠡᠷᠬᠡ ᠵᠡᠷᠭᠡ ᠶᠢᠨ ᠭᠦᠴᠦᠳᠦ ᠳᠠᠶᠢᠰᠤᠨ — ᠰᠣᠶᠣᠯᠠᠩ ᠣᠯᠠᠭᠠᠨ ᠢ ᠣᠭᠳᠣᠨ ᠬᠦᠯᠢᠶᠡᠵᠤ ᠪᠠᠶᠢᠷᠢ ᠠᠪᠤᠨ ᠪᠠᠷᠳᠠᠮ ᠵᠣᠭᠰᠣᠵᠠᠢ᠃ ᠪᠢᠷᠠᠭᠤ ᠰᠢᠳᠦᠯᠡᠩ ᠪᠣᠬᠠᠨᠳᠠᠢ ᠨᠤᠭᠤᠳ ᠴᠤ ᠬᠠᠷᠠᠭᠴᠢ ᠭᠤᠨᠵᠢ ᠶᠢ ᠬᠡᠮᠡᠬᠦ ᠬᠠᠶᠢᠷ᠎ᠠ ᠰᠢᠨᠣᠯ ᠢᠶᠠᠨ ᠬᠠᠶᠠᠭᠠᠨ ᠳᠤ ᠨᠢ ᠬᠠᠶᠠᠵᠤ᠂ ᠬᠠᠷ᠎ᠠ ᠤᠯᠠᠭᠠᠨ ᠬᠤᠶᠠᠷ ᠳᠣᠮᠤ ᠬᠦᠴᠦᠳᠡᠨ ᠤ ᠶᠡᠭᠡ ᠳᠡᠮᠡᠴᠡᠭᠡᠨ ᠳᠤ ᠰᠦᠷ ᠨᠡᠮᠡᠨ ᠴᠣᠣ ᠳᠠᠳᠠᠵᠤ᠂ ᠰᠢᠷᠦᠢ ᠬᠠᠶᠠᠯᠠᠨ ᠰᠢᠯᠦᠰᠦ ᠦᠰᠣᠷᠭᠡᠨ ᠣᠷᠬᠢᠷᠠᠯᠳᠣᠪᠠ᠃      ᠡᠰᠡᠷᠭᠦ ᠡᠳᠡᠭᠡᠳ ᠤᠨ ᠢᠶᠠᠨ ᠬᠦᠴᠦᠨ ᠴᠢᠳᠠᠯ᠂ ᠤᠬᠠᠭᠠᠨ ᠰᠠᠮᠪᠠᠭ᠎ᠠ ᠠᠴᠠ ᠬᠢᠴᠢᠶᠡᠨ ᠰᠡᠷᠡᠮᠵᠢᠯᠡᠭᠰᠡᠨ ᠪᠦᠳᠦᠭᠦᠨ ᠬᠠᠷ᠎ᠠ᠂ ᠵᠠᠯᠠᠭᠤ ᠤᠯᠠᠭᠠᠨ ᠬᠡᠨ ᠠᠯᠢᠨ ᠴᠣ᠋ ᠣᠯᠠᠩᠭᠠᠰᠣᠨ ᠳᠠᠭᠠᠷᠢᠭᠰᠠᠨ ᠦᠭᠡᠢ᠃ ᠳᠣᠯᠤᠭᠠᠢ ᠳᠣᠯᠤᠭᠠᠢ ᠪᠠᠨ ᠳᠠᠭᠠᠷᠠᠭᠤᠯᠤᠨ᠂ ᠡᠪᠡᠷ ᠡᠪᠡᠷ ᠢᠶᠠᠨ ᠰᠣᠯᠢᠯᠴᠠᠭᠤᠯᠤᠨ ᠤᠳᠠᠭᠠᠬᠠᠨ ᠴᠣ᠋ ᠳᠣᠯᠵᠤ ᠠᠪᠤᠯ᠎ᠠ᠃     ᠬᠠᠯᠠᠭᠤᠨ ᠴᠢᠯᠠᠭᠤ ᠳᠣᠯᠢᠶᠠᠨ ᠬᠠᠰᠢᠷ ᠠᠪᠤᠭᠰᠠᠨ ᠵᠠᠯᠠᠭᠤ ᠤᠯᠠᠭᠠᠨ᠂ ᠣᠳᠣ ᠯᠡ ᠳᠠᠭᠠᠷᠢᠯᠳᠠ ᠬᠢᠬᠦ ᠴᠠᠭ ᠪᠣᠯᠤᠭᠰᠠᠨ ᠭᠡᠳᠡᠭ ᠢᠶᠠᠨ ᠳᠦᠰᠦᠭᠡᠯᠡᠵᠤ᠂ ᠬᠦᠴᠦᠯᠡᠨ ᠳᠠᠭᠠᠷᠢᠬᠤ ᠭᠡᠰᠡᠨ ᠬᠠᠭᠤᠷᠮᠠᠭ ᠬᠦᠳᠡᠯᠭᠡᠭᠡᠨ ᠬᠢᠳᠠᠯ᠎ᠠ ᠣᠳᠠᠭᠠᠨ ᠳᠣᠯᠬᠤ ᠨᠢ ᠠᠰᠢᠭ ᠦᠭᠡᠢ ᠬᠡᠮᠡᠨ ᠪᠣᠳᠣᠵᠤ ᠠᠬᠰᠠᠨ ᠪᠦᠳᠦᠭᠦᠨ ᠬᠠᠷ᠎ᠠ ᠣᠳᠣ ᠯᠡ ᠳᠣᠬᠢᠶᠠᠯ ᠢᠷᠡᠯ᠎ᠠ ᠬᠡᠮᠡᠨ ᠪᠣᠷᠣᠭᠤ ᠵᠢᠱᠢᠭᠡᠳ ᠮᠦᠨ ᠳᠠᠳᠠᠭᠰᠠᠨ ᠣᠬᠠᠭᠠᠨ ᠢᠶᠠᠨ ᠬᠡᠷᠡᠭᠯᠡᠨ ᠬᠡᠯᠡᠪᠬᠢᠨ ᠵᠠᠶᠢᠯᠠᠨ ᠭᠠᠷᠳᠠᠯ᠎ᠠ᠂ ᠢᠳᠡᠯᠡᠭᠰᠡᠨ ᠬᠦᠴᠦᠨ ᠳᠡᠭᠡᠨ ᠪᠢᠰᠢ ᠢᠳᠡᠪᠬᠢᠳᠡᠢ ᠲᠠᠭᠠᠷᠢᠨ ᠣᠷᠣᠭᠰᠠᠨ ᠵᠠᠯᠠᠭᠤ ᠤᠯᠠᠭᠠᠨ ᠤ ᠵᠢᠳᠡᠨ ᠡᠪᠡᠷ ᠬᠡᠳᠦᠶᠢᠨᠡᠢ ᠠᠯᠠ ᠤᠷᠤᠭᠤ ᠨᠢ ᠰᠢᠷᠭᠤᠯᠠᠨ ᠵᠠᠪᠳᠣᠵᠤ᠂   ︽ᠮᠦ᠋︾ ᠭᠡᠵᠤ ᠤᠬᠵᠤᠮ ᠣᠷᠬᠢᠷᠠᠬᠤ ᠶᠢᠨ ᠵᠡᠷᠭᠡ ᠬᠦᠴᠦᠯᠡᠨ ᠰᠠᠵᠢᠬᠤ ᠎ ᠪᠠᠷ ᠪᠦᠳᠦᠭᠦᠨ ᠬᠠᠷ᠎ᠠ ︽ᠦᠢ᠊ —᠎ ᠤᠨ︾ ᠬᠡᠮᠡᠨ ᠭᠠᠴᠢᠭᠳᠠᠯᠳᠠᠶᠢᠬᠠᠨ ᠣᠷᠬᠢᠷᠠᠭᠠᠳ ᠭᠠᠳᠣᠴᠢᠨ ᠤᠨᠠᠪᠠ᠃        ᠪᠠᠶᠢᠳᠠᠯ ᠢ ᠠᠵᠢᠨ ︽ᠡᠨᠡ ᠵᠢᠯ ᠶᠠᠭᠠᠬᠢᠳᠠᠭ ᠪᠤᠯ ᠡ︕︾ ᠭᠡᠵᠤ ᠪᠣᠳᠣᠵᠤ ᠰᠠᠭᠤᠭᠰᠠᠨ ᠬᠠᠷ᠎ᠠ ᠬᠦᠦ ᠰᠠᠨᠳᠣᠷᠣᠨ ᠪᠣᠰᠴᠦ᠄ ︽ᠫᠢ︕ ᠭᠦᠭᠰᠢᠨ ᠪᠣᠬ᠎ᠠ ᠶᠢ ᠮᠢᠨᠢ ᠠᠯᠠᠬᠤ ᠨᠢ ᠡ︾ ᠭᠡᠳ ᠳᠠᠰᠢᠭᠤᠷ ᠳᠠᠯᠠᠶᠢᠨ ᠣᠷᠣᠯ᠎ᠠ᠃            ᠁        ᠰᠣᠶᠤᠯᠠᠩ ᠤᠯᠠᠭᠠᠨ᠂ ᠬᠠᠷᠠᠭᠴᠢ ᠭᠤᠨᠵᠢ ᠶᠢ ᠦᠮᠴᠢᠷᠬᠡᠨ᠂ ᠰᠦᠷᠦᠭ ᠤᠨ ᠠᠬᠠᠯᠠᠭᠴᠢ ᠪᠣᠯᠪᠠ᠃        ᠪᠦᠳᠦᠭᠦᠨ ᠬᠠᠷ᠎ᠠ᠂ ᠠᠯᠪᠠᠨ ᠴᠡᠷᠢᠭ ᠠᠴᠠ ᠬᠠᠯᠠᠭᠳᠠᠨ᠂ ᠠᠪᠠ ᠶᠢᠨ ᠫᠣᠣ ᠪᠠᠨ ᠬᠤᠷᠢᠶᠠᠯᠭᠠᠪᠠ᠃
 
ᠢᠷᠡᠯᠲᠡ᠄ ᠲᠠᠭᠤᠳᠠᠭᠠᠴᠢ ᠠᠯᠳᠠᠨ᠋ᠧᠴᠢᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号