ᠪᠠᠶᠠᠨᠬᠤᠳᠠ ᠳᠤ ᠲᠦᠪᠯᠡᠷᠡᠭᠰᠡᠨ ᠠᠯᠠᠱᠠ ᠵᠤᠬᠢᠶᠠᠯᠴᠢ ᠨᠠᠷ ᠲᠠᠨ ᠢ ᠡᠮᠭᠡᠨᠢᠵᠦ ᠪᠠᠶᠢᠨ᠎ᠠ | ᠪᠠᠶᠠᠨ ᠭᠤᠤᠯ ᠤᠨ ᠬᠦᠷ ᠴᠠᠰᠤᠨ ᠠᠴᠠ ᠰᠡᠴᠡᠨᠪᠠᠭᠠᠳᠤᠷ ᠨᠠᠷ ᠲᠠᠨ ᠢ ᠭᠠᠰᠢᠭᠤᠳᠠᠵᠦ ᠪᠠᠶᠢᠨ᠎ᠠ | ᠪᠠᠶᠠᠨ ᠬᠠᠨ ᠨᠤᠳᠤᠭ ᠲᠠᠢ ᠭᠠᠷᠤᠳᠢ ᠂ ᠪᠤᠯᠠᠭ ᠂ ᠲᠡᠯᠭᠡᠷ ᠨᠠᠷ ᠲᠠᠨ ᠢ ᠲᠤᠷᠠᠰᠴᠦ ᠪᠠᠶᠢᠨ᠎ᠠ | ᠪᠠᠷᠳᠠᠮ ᠬᠠᠷ᠎ᠠ ᠶᠢᠨ ᠨᠠᠶᠢᠵᠠ ᠪᠦᠭᠦᠨ ᠲᠠᠨ ᠢ ᠦᠭᠡᠶᠢᠯᠡᠵᠦ ᠪᠠᠶᠢᠨ᠎ᠠ | ᠪᠠᠭᠠᠷᠢᠨ ᠨᠤᠳᠤᠭ ᠤᠨ ᠬᠦᠮᠦᠨ ᠪᠦᠭᠦᠨ ᠲᠠᠨ ᠢ ᠲᠠᠭᠠᠳᠬᠠᠵᠦ ᠪᠠᠶᠢᠨ᠎ᠠ | ᠪᠠᠳᠠᠭ ᠬᠡᠯᠬᠢᠵᠦ ᠰᠢᠯᠦᠭ ᠤᠩᠰᠢᠳᠠᠭ ᠪᠦᠬᠦᠨ ᠲᠠᠨ ᠳᠤ ᠰᠦᠭᠦᠷᠡᠵᠦ ᠪᠠᠶᠢᠨ᠎ᠠ | ᠪᠠᠭᠰᠢ ᠰᠤᠷᠤᠭᠴᠢ ᠪᠦᠭᠦᠨ ᠢᠶᠠᠷ ᠢᠶᠠᠨ ᠲᠠᠨ ᠳᠤ ᠨᠠᠮᠠᠨᠴᠢᠯᠠᠵᠦ ᠪᠠᠶᠢᠨ᠎ᠠ | ᠪᠠᠶᠢᠭᠠᠯᠢ ᠲᠡᠯᠡᠭᠡᠢ ᠲᠠᠨ ᠤ ᠲᠦᠯᠦᠭᠡ ᠪᠦᠷᠬᠦᠶᠢᠵᠦ ᠪᠠᠶᠢᠨ᠎ᠠ ᠃ | ᠡᠩ ᠦᠭᠡᠢ ᠦᠷᠭᠡᠨ ᠦᠪᠦᠷ ᠮᠤᠩᠭᠤᠯ ᠤᠨ ᠦᠨᠳᠦᠷᠯᠢᠭ ᠤᠨ | ᠡᠮᠵᠢᠶ᠋ᠷᠡᠢ ᠦᠭᠡᠢ ᠦᠷᠭᠡᠨ ᠴᠠᠰᠤᠨ ᠳᠤ ᠬᠤᠴᠠᠭᠳᠠᠭᠰᠠᠨ ᠦᠴᠦᠭᠡᠳᠦᠷ | ᠡᠮᠭᠡᠨᠢᠯ ᠠᠴᠠ ᠪᠤᠰᠤᠳ ᠶᠠᠭᠤ ᠴᠦ ᠬᠢᠵᠦ ᠴᠢᠳᠠᠭ᠎ᠠ ᠦᠭᠡᠢ ᠰᠠᠭᠤᠯ᠎ᠠ | ᠡᠵᠢ ᠠᠴᠠ ᠪᠠᠨ ᠬᠤᠶᠢᠨ᠎ᠠ ᠪᠠᠰᠠ ᠨᠢᠭᠡᠨ ᠬᠦᠮᠦᠨ ᠢ ᠡᠩᠰᠡᠷᠭᠡᠨ ᠭᠠᠰᠢᠭᠤᠳᠠᠯᠠ | ᠬᠡᠵᠢᠶ᠎ᠡ ᠬᠠᠮᠢᠭ᠎ᠠ ᠲᠠᠨ ᠲᠠᠢ ᠲᠠᠨᠢᠯᠴᠠᠭᠰᠠᠨ ᠢᠶᠠᠨ ᠪᠢ ᠴᠡᠭᠡᠵᠢᠯᠡᠭᠰᠨ ᠦᠭᠡᠢ | ᠬᠡᠰᠢᠭᠳᠡᠨ ᠴᠣᠭᠯᠭᠠᠨ ᠳᠤ ᠠᠭᠤᠯᠵᠠᠭᠰᠠᠨ ᠭᠡᠳᠡᠭ ᠲᠡᠭᠡᠨ ᠯᠡ ᠪᠠᠳᠤᠳᠠᠢ | ᠬᠡᠵᠢᠶ᠎ᠡ ᠬᠤᠶᠢᠨ᠎ᠠ ᠨᠢ ᠤᠯᠠᠨ ᠵᠤᠯᠭᠠᠭᠰᠠᠨ ᠴᠦ | ᠭᠡᠷᠡᠭ ᠪᠤᠯᠭᠠᠨ ᠰᠡᠳᠤᠪ ᠡᠭᠦᠰᠭᠡᠨ ᠶᠠᠭᠤ ᠨᠢᠭᠡ ᠶᠢ ᠶᠠᠷᠢᠳᠠᠭ ᠦᠭᠡᠢ ᠪᠢᠯᠠ | ᠬᠡᠷᠬᠢᠭᠰᠡᠨ ᠰᠡᠳᠬᠢᠯ ᠲᠠᠨ ᠶᠢ ᠠᠳᠡ ᠢᠷᠡᠭᠦᠯᠦᠭᠰᠡᠨ ᠭᠡᠳᠡᠭ ᠲᠤ | ᠬᠢᠮᠦᠷᠠᠭᠰᠠᠨ ᠰᠡᠳᠬᠢᠯ ᠤᠳᠤᠬᠠᠨ ᠶᠡᠷᠦᠨᠢ ᠪᠤᠷᠤᠭᠤᠰᠢᠶᠠᠬᠤ ᠰᠢᠤᠬᠠᠨ ᠪᠤᠯᠤᠯ᠎ᠠ | ᠬᠡᠷᠪᠡ ᠲᠠ ᠠᠳᠡ ᠢᠷᠡᠭᠰᠡᠨ ᠦᠭᠡᠢ ᠪᠤᠯᠪᠠᠯ | ᠬᠡᠮᠵᠢᠶᠡᠯᠡᠰᠢ ᠦᠭᠡᠢ ᠭᠤᠨᠢᠭ ᠨᠠᠳᠠ ᠶᠢ ᠪᠦᠷᠬᠦᠬᠦ ᠦᠭᠡᠢ ᠨᠢ ᠯᠠᠪᠳᠠᠢ | ᠬᠡᠳᠦᠭᠡᠨ ᠨᠤᠭᠤᠭ᠎ᠠ ᠲᠠᠢ ᠲᠦᠭᠦᠮᠭᠡᠨ ᠴᠠᠶᠢᠯᠯᠭᠠ ᠳᠠᠭᠠᠨ | ᠬᠡᠮᠵᠢᠶ᠎ᠡ ᠠᠳᠠᠭ ᠦᠭᠡᠢ ᠤᠯᠠᠨ ᠶᠠᠭᠤᠮ᠎ᠠ ᠶᠠᠷᠢᠭᠰᠠᠨ ᠪᠢᠯᠡ | ᠬᠡᠷᠰᠡᠦ ᠯᠠᠪᠳᠠᠭᠤᠨ ᠢᠶᠠᠷ ᠲᠠ ᠬᠠᠶᠠ ᠵᠠᠷᠢᠮ ᠢ ᠨᠢ ᠲᠡᠮᠳᠡᠭᠡᠯᠡᠵᠦ ᠪᠠᠶᠢᠯ᠎ᠠ | ᠬᠠᠢ ᠱᠠᠨ ᠨᠠᠶᠢᠳᠠᠨ ᠬᠤᠶᠠᠷ ᠭᠦᠩ ᠢ ᠠᠳᠡᠭᠦᠷᠡᠭᠰᠡᠨ ᠢᠶᠠᠨ ᠮᠠᠷᠭᠠᠰᠢ ᠨᠢ ᠰᠡᠷᠡᠭᠰᠡᠨ | ᠬᠠᠷᠢᠨ ᠲᠡᠭᠡᠭᠦ ᠳᠤ ᠤᠳᠠᠰᠤ ᠠᠪᠴᠦ ᠵᠠᠯᠠᠷᠠᠭᠤᠯᠵᠤ ᠠᠮᠵᠢᠭ᠎ᠠ ᠦᠭᠡᠢ | ᠬᠠᠮᠳᠤ ᠢᠷᠡᠭᠰᠡᠨ ᠬᠠᠢ ᠱᠠᠨ ᠠᠬ᠎ᠠ ᠲᠠᠢ ᠲᠠ ᠡᠮᠦᠨᠡᠰᠢ ᠮᠤᠷᠳᠠᠭᠰᠠᠨ | ᠬᠠᠴᠢᠷᠬᠠᠵᠦ ᠰᠤᠨᠢᠷᠬᠠᠭᠰᠠᠨ ᠵᠦᠢᠯ ᠢᠶᠠᠨ ᠵᠢᠷᠭᠡᠭᠡ ᠪᠠᠷ ᠠᠰᠠᠭᠤᠵᠦ ᠪᠠᠶᠢᠭᠰᠠᠨ | ᠬᠠᠷᠢᠭᠤ ᠶᠢ ᠮᠡᠳᠡᠬᠦ ᠦᠭᠡᠢ ᠳᠡᠭᠡᠨ ᠵᠠᠯᠬᠠᠭᠤ ᠳᠠᠭᠠᠨ ᠦᠭᠭᠦᠭᠡ ᠦᠭᠡᠢ ᠪᠢᠯᠡ | ᠦᠨᠢᠷ ᠴᠡᠴᠡᠭ ᠤᠨ ᠪᠤᠯᠪᠠᠰᠤᠷᠠᠯ ᠤᠨ ᠲᠤᠮᠳᠠ ᠲᠠ ᠨᠠᠳᠠ ᠳᠤ ᠤᠳᠠᠰᠤᠳᠠᠭᠰᠠᠨ | ᠦᠳᠡ ᠶᠢᠨ ᠴᠢᠯᠦᠭᠡᠨ ᠳᠤ ᠬᠠᠮᠳᠤ ᠴᠠᠢ ᠤᠤᠭᠤᠶ᠎ᠠ ᠭᠡᠰᠡᠨ | ᠦᠴᠦᠭᠡᠳᠤᠷ ᠨᠢᠭᠡᠨᠳᠡ ᠬᠠᠷᠢᠭᠠᠳ ᠢᠷᠡᠭᠰᠡᠨ ᠰᠢᠦ ᠭᠡᠵᠦ | ᠦᠩᠬᠢᠨᠡᠮᠡ ᠡᠭᠡᠰᠢᠭ ᠲᠠᠢ ᠬᠤᠷᠢᠮ ᠤᠨ ᠰᠢᠷᠡᠭᠡᠨ ᠠᠴᠠ ᠠᠷᠠᠶᠢᠬᠠᠨ ᠬᠠᠷᠢᠭᠤᠯᠤᠭᠰᠠᠨ | ᠨᠠᠢᠮᠠᠨ ᠰᠠᠷ᠎ᠠ ᠶᠢᠨ ᠰᠡᠭᠦᠯᠴᠢ ᠶᠢᠨ ᠬᠤᠨᠤᠭ ᠤᠨ | ᠨᠠᠮᠢᠷᠠᠭ᠎ᠠ ᠬᠤᠷ᠎ᠠ ᠱᠠᠬᠢᠭᠰᠠᠨ ᠰᠠᠶᠢᠬᠠᠨ ᠡᠳᠦᠷ ᠲᠠ ᠠᠳᠡ ᠢᠷᠡᠭᠰᠨᠨ | ᠨᠠᠶᠢᠳᠠᠨ ᠭᠦᠩ ᠤᠨ ᠴᠡᠷᠢᠭ ᠪᠠᠭᠤᠭᠰᠠ ᠰᠦᠮ᠎ᠡ ᠶᠢ ᠬᠠᠷᠠᠬᠤ ᠭᠡᠰᠡᠨ ᠭᠡᠨ᠎ᠡ | ᠨᠠᠩᠵᠢᠶᠠᠳ ᠭᠦᠩ ᠤᠨ ᠠᠮᠢ ᠡᠷᠡᠰᠳᠡᠭᠰᠡᠨ ᠪᠠᠶᠢᠬᠠᠳᠤ ᠶᠢ ᠰᠢᠨᠵᠢᠬᠦ ᠭᠡᠰᠡᠨ ᠭᠡᠨ᠎ᠡ | ᠨᠠᠶᠢᠷᠠᠭ ᠰᠢᠯᠦᠭ ᠬᠡᠮᠡᠨ ᠪᠢᠳᠡ ᠶᠡᠷᠦᠨᠢ ᠴᠡᠴᠡᠷᠭᠡᠭᠰᠡᠨ ᠦᠭᠡᠢ | ᠨᠠᠶᠢᠷ ᠰᠡᠳᠬᠢᠯ ᠬᠡᠮᠡᠨ ᠪᠢᠳᠡ ᠨᠡᠩ ᠴᠦ ᠬᠦᠦᠷᠨᠢᠭᠡ ᠦᠭᠡᠢ | ᠠᠭᠰᠠᠠᠷᠭᠠ ᠨᠠᠰᠤᠳᠠᠢ ᠠᠪᠤ ᠶᠢ ᠪᠠᠨ ᠬᠠᠯᠢᠭᠰᠠᠨ ᠢ ᠨᠢ ᠦᠷᠭᠦᠯᠵᠢ ᠮᠠᠷᠳᠠᠳᠠᠭ ᠭᠡᠨ᠎ᠡ | ᠠᠪᠠᠭᠠᠢ ᠲᠠᠢ ᠪᠠᠨ ᠬᠤᠶᠠᠭᠤᠯᠠ ᠰᠠᠨᠳᠠᠯᠢ ᠰᠢᠷᠡᠭᠡ ᠶᠢ ᠨᠢ ᠪᠡᠯᠡᠳᠭᠡᠳᠡᠭ ᠭᠡᠨ᠎ᠡ | ᠠᠯᠢ ᠲᠡᠭᠡᠭᠡᠳ ᠬᠡᠨ ᠨᠢᠭᠡ ᠨᠢ ᠤᠷᠢᠳᠠᠪᠡᠷ ᠰᠡᠷᠡᠭᠡᠳ | ᠠᠯᠮᠠᠶᠢᠷᠠᠨ ᠬᠠᠷᠠᠵᠦ ᠭᠤᠨᠢᠭᠳᠠᠶᠢᠬᠠᠨ ᠰᠢᠯᠵᠢᠭᠦᠯᠳᠡᠭ ᠭᠡᠨ᠎ᠡ᠃ | ᠠᠷᠦ ᠠᠷᠦ ᠠᠴᠠ ᠪᠠᠨ ᠲᠠᠪᠬᠤᠷᠠᠯᠠᠵᠦ ᠪᠠᠭᠤᠬᠤ ᠭᠤᠨᠢᠭ ᠢ | ᠠᠯᠠᠭᠬᠠᠨ ᠬᠤᠷᠸ᠎ᠠ ᠶᠢᠨ ᠵᠢᠮ᠎ᠡ ᠬᠡᠮᠡᠨ ᠲᠦᠷᠭᠡᠨ ᠤᠶᠢᠯᠭᠠᠬᠤ ᠪᠤᠯᠤᠭᠠᠰᠢ | ᠠᠶᠠᠯᠠᠨ ᠲᠤᠭᠤᠯᠬᠤ ᠠᠮᠢᠳᠦᠷᠯᠠ ᠵᠠᠮ ᠳᠠᠭᠠᠨ | ᠠᠩᠬᠠᠨ ᠤ ᠪᠠᠨ ᠰᠢᠭ᠋ ᠭᠡᠳᠡᠶᠢᠨ ᠠᠯᠬᠤᠬᠤ ᠪᠤᠯᠤᠭᠠᠰᠠᠢ ᠃ | 2020 ᠣᠨ ᠤ 11 ᠰᠠᠷ᠎ᠠ ᠶᠢᠨ 22 ᠤ ᠡᠳᠦᠢ | ᠡᠯᠡᠰᠦᠨ ᠡᠪᠯᠡᠭᠦᠯᠪᠡ | | | | |