ᠨᠡᠬᠦᠳᠡᠯᠴᠢᠨ ᠤ ᠠᠶᠠᠯᠭᠤ
ᠨᠡᠶᠢᠲᠡᠯᠡᠭᠰᠡᠨ ᠴᠠᠭ᠄
2020/11/19
 1 ᠬᠡᠬᠡᠨ ᠮᠤᠩᠭᠤᠯ ᠤᠬᠠᠭᠠᠨ ᠤ ᠬᠡᠷᠡᠯ ᠰᠠᠴᠤᠷᠠᠭᠰᠠᠨ ᠬᠡᠷ ᠬᠡᠷ ᠤᠨ ᠠᠶᠠᠯᠭᠤ ᠬᠡᠷ ᠤᠨ ᠬᠤᠶᠢᠮᠤᠷ ᠵᠠᠪᠢᠯᠠᠵᠦ ᠬᠡᠬᠡ ᠤᠷᠤᠳᠠᠯ᠎ᠠ ᠬᠠᠶᠢᠯᠳᠠᠭ ︽ᠬᠡᠰᠡᠷ᠂ ᠵᠢᠩᠭᠠᠷ︾᠎ ᠤᠨ ᠠᠶᠠᠯᠭᠤ᠃            2 ᠠᠯᠳᠠᠨ ᠮᠤᠩᠭᠤᠯ ᠤᠬᠠᠭᠠᠨ ᠤ ᠠᠮᠢᠳᠤᠷᠠᠯ ᠬᠢᠯᠠᠯᠵᠠᠭᠰᠠᠨ ᠠᠶᠢᠯ ᠠᠶᠢᠯ ᠤᠨ ᠠᠶᠠᠯᠭᠤ ᠠᠯᠢᠶ᠎ᠠ ᠵᠢᠭᠠᠯ ᠤᠳ ᠠᠯᠠᠭ ᠱᠠᠭᠠᠵᠢᠩ ᠦᠷᠦᠵᠦ ᠲᠤᠭᠯᠠᠳᠠᠭ ᠠᠷᠤ ᠭᠠᠵᠠᠷ ᠤᠨ ᠠᠶᠠᠯᠭᠤ᠃            3 ᠲᠦᠷᠪᠡᠨ ᠵᠦᠭ ᠠᠴᠠ ᠬᠦᠡᠭᠬᠡᠨᠡᠭᠰᠡᠨ ᠲᠦᠷᠪᠡᠨ ᠴᠠᠭ ᠤᠨ ᠦᠷᠨᠢᠩᠬᠦᠢ ᠠᠶᠠᠯᠭᠤ ᠨᠠᠢᠮᠠᠨ ᠵᠤᠪᠬᠢᠰ ᠠᠴᠠ ᠬᠦᠭᠵᠢᠮᠳᠡᠭᠰᠡᠨ ᠨᠠᠢᠮᠠᠨ ᠵᠠᠭᠤᠨ ᠤ ᠪᠠᠳᠠᠷᠠᠩᠭᠤᠢ ᠠᠶᠠᠯᠭᠤ᠃            4 ᠪᠤᠷᠵᠢᠬᠢᠨ ᠡᠮᠡᠬᠡᠯ ᠲᠡᠬᠡᠷ᠎ᠡ ᠢᠰᠬᠢᠷᠦᠭᠰᠡᠨ ᠮᠤᠩᠭᠤᠯ ᠤᠨ ᠰᠠᠯᠬᠢ ᠰᠢᠭ ᠤᠡᠭᠭᠤᠨ ᠠᠶᠠᠯᠭᠤ ᠪᠤᠰᠤᠭ᠎ᠠ ᠲᠦᠷᠦᠬᠡᠨ ᠲᠡᠬᠡᠷ᠎ᠡ ᠦᠨᠳᠡᠶᠢᠭᠰᠡᠨ ᠮᠤᠷᠢᠨ ᠬᠤᠭᠤᠷ ᠰᠢᠭ᠋ ᠲᠠᠷᠬᠠᠨ ᠠᠶᠠᠯᠭᠤ᠃             5 ᠪᠤᠷᠬᠠᠨ ᠤ ᠠᠯᠠᠭᠠᠨ ᠲᠡᠬᠡᠷ᠎ᠡ ᠮᠡᠯᠮᠡᠷᠡᠭᠰᠡᠨ ᠪᠤᠳᠤᠭᠤᠨ ᠤ ᠶᠤᠮ ᠰᠢᠭ  ᠠᠶᠠᠯᠭᠤ ᠪᠤᠷᠤᠭᠠᠨ ᠤ ᠨᠠᠪᠴᠢᠨ ᠲᠡᠬᠡᠷ᠎ᠡ ᠮᠡᠯᠳᠡᠬᠡᠨᠡᠭᠰᠡᠨ ᠪᠤᠶᠠᠨ ᠤ ᠶᠤᠮ ᠰᠢᠭ  ᠠᠶᠠᠯᠭᠤ᠃            6 ᠲᠤᠷᠤᠨ᠎ᠠ ᠶᠢᠨ ᠰᠠᠯᠬᠢᠨ ᠲᠡᠬᠡᠪᠦᠷ ᠲᠡᠷᠪᠡᠯᠵᠡᠬᠦᠯᠦᠭᠰᠡᠨ ᠨᠠᠮᠤᠷ ᠨᠠᠮᠤᠷ ᠤᠨ ᠬᠤᠨᠭ᠍ᠭᠤᠷᠬᠠᠨ ᠠᠶᠠᠯᠭᠤ ᠦᠷᠦᠨ᠎ᠡ ᠶᠢᠨ ᠬᠦᠢᠳᠡᠨ ᠲᠡᠪᠡᠯ ᠵᠢᠩᠳᠡᠬᠦᠯᠦᠭᠰᠡᠨ ᠡᠪᠦᠯ ᠡᠪᠦᠯ ᠤᠨ ᠦᠯᠴᠢᠷᠬᠡᠨ ᠠᠶᠠᠯᠭᠤ᠃             7 ᠨᠠᠷᠠᠨ ᠠᠴᠠ ᠤᠶᠢᠷᠬᠠᠨ ᠨᠡᠬᠦᠳᠡᠯᠯᠡᠭᠰᠡᠨ ᠲᠡᠯᠡᠬᠡᠢ ᠠᠷᠭᠠᠳᠠᠭᠰᠠᠨ ᠴᠡᠩᠬᠡᠷ ᠠᠶᠠᠯᠭᠤ ᠰᠠᠷᠠᠨ ᠠᠴᠠ ᠲᠤᠤᠷᠠᠬᠠᠨ ᠪᠠᠭᠤᠳᠠᠯᠯᠠᠭᠰᠠᠨ ᠦᠯᠦᠬᠡᠢ ᠰᠠᠵᠢᠯᠠᠭᠰᠠᠨ ᠠᠩᠬᠢᠷ ᠠᠶᠠᠯᠭᠤ᠃             8 ᠶᠡᠭᠡ ᠲᠠᠯ᠎ᠠ ᠶᠢᠨ ᠦᠷᠯᠦᠬᠡ ᠪᠠᠨ ᠰᠦᠯᠡᠭᠰᠡᠨ ᠤᠭᠤᠷ ᠤᠨ ᠠᠶᠠᠯᠭᠤ ᠶᠡᠭᠡ ᠮᠤᠩᠭᠤᠯ ᠤᠨ ᠦᠷᠦᠬᠡ ᠪᠠᠨ ᠰᠦᠯᠡᠭᠰᠡᠨ ᠬᠤᠭᠤᠷ ᠤᠨ ᠠᠶᠠᠯᠭᠤ ᠢᠰᠬᠢᠷᠴᠦ᠂ ᠦᠪᠡᠷ ᠤᠨ ᠲᠤᠷ᠎ᠠ ᠪᠠᠷ ᠵᠢᠷᠭᠠᠭᠰᠠᠨ ᠬᠦᠬᠡᠮᠡᠢ ᠶᠢᠨ ᠠᠶᠠᠯᠭᠤ ᠢᠪᠢᠯᠵᠦ᠂ ᠦᠷ᠎ᠡ ᠶᠢᠨ ᠰᠠᠨᠠᠭ᠎ᠠ ᠪᠠᠷ ᠤᠨᠳᠤᠷᠤᠭᠰᠠᠨ ᠰᠠᠭᠠᠮᠠᠢ ᠶᠢᠨ ᠠᠶᠠᠯᠭᠤ᠃             9 ᠠᠭᠤᠵᠢᠮᠬᠠᠨ ᠮᠤᠩᠭᠤᠯ ᠤᠨ ᠮᠢᠨᠢ ᠠᠨᠢᠷ ᠦᠬᠡᠢ ᠠᠶᠠᠯᠭᠤ ᠠᠯᠳᠠᠩᠬᠠᠨ ᠨᠡᠬᠦᠳᠡᠯ ᠤᠨ ᠮᠢᠨᠢ ᠬᠢᠵᠡᠭᠠᠷ ᠦᠬᠡᠢ ᠠᠶᠠᠯᠭᠤ ᠠᠯᠠᠭᠬᠠᠨ ᠲᠡᠯᠡᠬᠡᠢ ᠶᠢᠨ ᠮᠢᠨᠢ ᠬᠦᠪᠴᠢ ᠨᠤᠭᠤᠭᠠᠨ ᠠᠶᠠᠯᠭᠤ ᠠᠭᠯᠠᠭᠬᠠᠨ ᠪᠠᠶᠢᠭᠠᠯᠢ ᠶᠢᠨ ᠮᠢᠨᠢ ᠦᠪᠴᠢ ᠪᠢᠳᠡᠬᠦᠦ ᠠᠶᠠᠯᠭᠤ᠃            10 ᠲᠡᠭᠷᠢ ᠶᠢᠨ ᠲᠠᠩᠨᠠᠢ ᠪᠠᠷ ᠨᠡᠬᠦᠳᠡᠯ ᠤᠨ ᠰᠢᠪᠠᠭᠤ ᠰᠢᠭ ᠨᠡᠬᠦᠳᠡᠯᠴᠢᠨ ᠤ ᠠᠶᠠᠯᠭᠤ᠃ ᠲᠡᠯᠡᠬᠡᠢ ᠶᠢᠨ ᠮᠠᠩᠨᠡᠢ ᠪᠠᠷ ᠨᠡᠬᠦᠳᠡᠯᠴᠢᠨ ᠰᠢᠪᠠᠭᠤ ᠰᠢᠭ ᠨᠡᠬᠦᠳᠡᠯ ᠤᠨ ᠠᠶᠠᠯᠭᠤ᠃ ᠵᠤᠬᠢᠶᠠᠭᠴᠢ — ᠬᠡᠰᠢᠭᠳᠡᠨ ᠬᠤᠰᠢᠭᠤᠨ ᠤ ᠪᠢᠷᠠᠭᠤ ᠶᠢᠨ ᠮᠤᠩᠭᠤᠯ ᠪᠠᠭ᠎ᠠ ᠰᠤᠷᠭᠠᠭᠤᠯᠢ ᠶᠢᠨ ᠤᠳᠬᠤᠨᠪᠠᠭᠠᠳᠤᠷ ᠤᠳᠠᠰᠤ —15047655292
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号