ᠬᠡᠪᠳᠡᠬᠦᠯ  ᠨᠤᠳᠤᠭ ᠤᠨ ᠬᠡᠶᠢᠷᠬᠡᠯ ᠨᠠᠶᠢᠷᠠᠭ
ᠨᠡᠶᠢᠲᠡᠯᠡᠭᠰᠡᠨ ᠴᠠᠭ᠄
2020/11/19
 ︵ ᠠᠶᠠᠯᠠᠯ ᠰᠢᠯᠦᠭ ᠤᠨ ᠴᠢᠭᠤᠯᠭᠠᠨ︶                ᠪ᠊᠂ ᠪᠢᠯᠢᠭ      ᠲᠦᠷᠰᠦᠯᠢᠭ ᠬᠤᠷᠸ᠎ᠠ ᠲᠤᠭᠤᠷᠢᠭᠠᠳ ᠰᠠᠭᠤᠭᠰᠠᠨ ᠮᠠᠯᠴᠢᠳ ᠲᠠᠭᠠᠨ ᠲᠡᠮᠡᠭᠡ ᠪᠠᠨ ᠪᠢᠳᠡᠭᠡᠢ ᠮᠠᠷᠳᠠᠭᠠᠰᠠᠢ ᠬᠡᠮᠡᠨ ᠲᠡᠨᠲᠡ ᠪᠠᠨ ᠲᠠ ᠰᠦᠭᠦᠳᠦᠭᠰᠡᠭᠡᠷ ᠪᠠᠶᠢᠨᠤ︖ ᠲᠤᠶᠢᠯᠠᠭᠠᠳ ᠪᠤᠰᠳᠠᠭ ᠭᠠᠵᠠᠷ ᠲᠠᠭᠠᠨ ᠲᠠᠭᠤ ᠮᠠᠨᠢ ᠪᠢᠳᠡᠭᠡᠢ ᠪᠠᠯᠠᠷᠠᠭᠠᠰᠠᠢ ᠬᠡᠮᠡᠨ ᠲᠡᠷᠡ ᠬᠡᠯᠪᠡᠷᠢ ᠪᠠᠨ ᠰᠠᠬᠢᠭᠰᠠᠭᠠᠷ ᠪᠠᠶᠢᠨᠤ︕       ᠭᠠᠴᠤᠷ᠎ᠠᠲᠡᠷᠡ ᠨᠢᠭᠡ ᠪᠦᠭᠡᠮ ᠪᠦᠯᠢᠶᠡᠨ ᠲᠦᠯᠦᠲᠡᠶᠠᠩ ᠤᠨ ᠨᠢᠭᠡ ᠲᠠᠯ᠎ᠠ ᠶᠢ ᠲᠠᠷᠤᠵᠤ ᠠᠰᠠᠬᠤ ᠪᠠᠷᠲᠠᠪᠬᠤᠷ ᠵᠠᠶᠠᠭᠠᠬᠤ ᠦᠬᠡᠢ ᠨᠤᠳᠤᠭ ᠭᠡᠭᠴᠢᠲᠡᠭᠷᠢ ᠶᠢᠨ ᠬᠡᠦᠬᠡᠳ ᠬᠦᠢᠰᠦ ᠪᠠᠨ ᠬᠠᠶᠠᠭᠠᠳ ᠶᠠᠪᠤᠭᠰᠠᠨ ᠬᠡᠮᠡᠷ ᠪᠠᠷ᠎ᠠ ᠶᠢ ᠨᠢ ᠪᠠᠷᠳᠠᠮ ᠬᠠᠷᠠᠭᠰᠠᠨ ᠭᠤᠪᠢᠪᠠᠰᠠ ᠨᠢᠭᠡ ᠵᠠᠭᠤᠨ ᠢᠶᠠᠷᠪᠠᠭᠠᠳᠤᠷᠴᠤᠳ ᠤᠨ ᠨᠠᠷ᠎ᠠ ᠪᠠᠨ ᠪᠤᠴᠠᠭᠠᠳ ᠠᠪᠤᠮᠠᠷᠴᠡᠩᠭᠡᠷᠯᠡᠨ ᠪᠤᠰᠤᠭᠰᠠᠨ ᠵᠡᠷᠭᠡᠯᠭᠡᠨ ᠨᠢᠴᠡᠩᠭᠡᠷᠳᠡᠨ ᠰᠤᠨᠤᠯᠵᠠᠬᠤ ᠠᠭᠤᠯᠠᠰ ᠲᠠᠢ ᠪᠠᠨᠴᠢᠪ ᠬᠡᠮᠡᠨ ᠨᠢᠭᠡᠨ ᠵᠠᠭᠤᠨ ᠤ ᠲᠤᠤᠯᠢᠶᠠᠨ ᠪᠤᠶᠤᠴᠢᠯᠦᠭᠡ ᠠᠭᠤᠵᠢᠮ ᠮᠢᠩᠭᠠᠨ ᠭᠠᠯᠠᠪ ᠤᠨ ᠲᠠᠶᠢᠯᠤᠨ ᠬᠡᠮᠡᠷᠰᠡᠬᠦᠳᠡᠷ ᠢ ᠨᠢ ᠬᠦᠷᠳᠡᠯ᠎ᠡ ᠬᠠᠷᠠᠮᠨᠠᠭᠰᠠᠨ ᠪᠢᠰᠠᠯᠵᠤ ᠲᠠᠶᠢᠯᠬᠦ ᠦᠬᠡᠢ ᠳᠡᠭᠡᠨᠰᠢᠬᠦᠲᠡᠷᠢ ᠶᠢᠨ ᠨᠢᠳᠦ ᠪᠠᠨ ᠬᠠᠳᠠᠭᠠᠯᠠᠭᠠᠳ ᠦᠭᠭᠦᠮᠡᠷ     ᠤᠯᠠᠭᠠᠨ ᠪᠤᠳᠤᠩ ᠤᠯᠠᠨ ᠮᠢᠩᠭᠠᠨ ᠴᠡᠴᠡᠭ ᠨᠢ ᠤᠯᠠᠪᠠᠯᠵᠠᠬᠤ ᠪᠠᠷ ᠠᠭᠤᠯᠠᠰ ᠨᠢ ᠤᠯᠠᠭᠠᠨ ᠪᠠᠶᠢᠭᠰᠠᠨ ᠶᠤᠮ ᠤᠤ ᠭᠡᠵᠦ ᠪᠤᠳᠤᠨᠠᠮ ᠤᠯᠠ ᠲᠤᠤᠷ᠎ᠠ ᠤᠪᠣᠯᠵᠠᠬᠤ  ᠴᠢᠯᠠᠭᠤᠨ ᠲᠡᠭᠡᠷ᠎ᠡ ᠨᠢ ᠤᠷᠢᠳᠦ ᠶᠢᠨ ᠶᠠᠭᠠᠨ ᠪᠤᠳᠤᠩ ᠤᠬᠢᠯᠠᠨ ᠬᠠᠷᠠᠭᠳᠠᠨᠠᠮ ᠮᠤᠩᠭᠤᠯ ᠶᠢᠨ ᠨᠢᠷᠤᠭᠤᠨ ᠲᠡᠭᠡᠷ᠎ᠡ ᠲᠡᠪᠬᠡᠷᠴᠤ ᠲᠡᠭᠵᠢᠷᠡᠭᠰᠡᠨ ᠮᠤᠬᠤᠭᠤ ᠨᠢᠭᠡᠨ ᠠᠪᠤᠷᠭᠤ ᠲᠦᠷᠦ ᠶᠢᠨ ᠲᠠᠯᠠᠢ ᠱᠤᠤᠬᠢᠶᠠᠨ ᠮᠢᠨᠦ ᠮᠢᠬ᠎ᠠ ᠴᠢᠰᠦ ᠬᠤᠶᠠᠷ ᠲᠠᠢ ᠲᠡᠷᠰᠯᠡᠵᠦ ᠲᠡᠮᠡᠴᠡᠯᠳᠦᠭᠰᠡᠨ ᠮᠤᠩᠭᠤᠯ ᠡᠮᠡᠭᠡ ᠶᠢᠨ ᠭᠠᠷ ᠲᠤᠯᠢᠶᠠᠭᠰᠠᠨ ᠬᠠᠭᠠᠨ ᠬᠦᠪᠡᠬᠦᠨ ᠮᠢᠩᠭᠠᠨ ᠤᠨ ᠶᠢ ᠤᠯᠵᠤ ᠦᠯᠦ ᠴᠢᠳᠠᠭᠰᠠᠨ ᠳᠤ ᠨᠢ ᠮᠢᠨᠵᠢ ᠶᠢᠨ ᠬᠦᠬᠡ ᠰᠢᠯᠢ ᠨᠢᠯᠪᠤᠰᠤ ᠠᠯᠭ᠎ᠠ ᠮᠦᠩᠭᠡ ᠨᠤᠭᠤᠭᠠᠨ ᠰᠠᠯᠬᠢ ᠨᠢ ᠬᠡᠪ ᠢᠶᠠᠷ ᠢᠶᠠᠨ ᠴᠤ ᠮᠦᠮᠦ ᠪᠠᠨ ᠰᠠᠨᠠᠭᠰᠠᠨ ᠢᠨᠵᠠᠭ᠎ᠠ ᠢᠨᠢᠶᠡᠳᠦ ᠠᠯᠭ᠎ᠠ ᠬᠠᠯᠢᠰᠦ ᠴᠠᠭᠠᠨ ᠲᠠᠶᠢᠭ᠎ᠠ ᠶᠢᠨ ᠬᠦᠨ ᠳᠤ ᠬᠠᠭᠠᠨ ᠤ ᠬᠡᠦᠬᠡᠨ ᠦᠷ᠎ᠡ ᠪᠠᠨ ᠡᠷᠢᠵᠦ ᠬᠡᠯᠳᠦᠷᠢᠯᠡᠨᠡᠮ ᠬᠠᠷᠠᠭᠠᠨ ᠭᠠᠳᠠᠨᠠᠬᠢ ᠬᠠᠩᠭᠠᠢ ᠲᠠᠯ᠎ᠠ ᠶᠢᠨ ᠡᠬᠢᠨ ᠳᠤ ᠬᠠᠶᠢᠷ᠎ᠠ ᠪᠠ ᠬᠤᠷᠤᠰᠤᠯ ᠬᠤᠶᠠᠷ ᠯᠡ ᠵᠢᠭᠤᠷᠠᠯᠳᠣᠵᠤ ᠬᠡᠶᠢᠰᠦᠨᠡᠮ        ᠲᠠᠯᠠᠢ ᠨᠠᠭᠤᠷᠶᠡᠭᠡ ᠲᠠᠯ᠎ᠠ ᠦᠷᠦᠴᠡ ᠪᠠᠷ ᠢᠶᠠᠨ ᠠᠭᠤᠵᠢᠷᠠᠵᠤᠶᠡᠬᠡᠰ ᠤᠨ ᠨᠢᠭᠡᠨ ᠦᠶ᠎ᠡ ᠲᠠᠪᠠᠯᠭ᠎ᠠ ᠬᠠᠶᠠᠯᠠᠨ ᠮᠡᠯᠮᠡᠯᠵᠡᠭᠡᠳ ᠯᠡᠶᠡᠷᠦ ᠪᠤᠰᠤ ᠪᠠᠷ ᠦᠩᠭᠡᠷᠡᠭᠰᠡᠨ ᠤᠨ ᠴᠠᠭ ᠤᠨ ᠲᠤᠷᠠᠳᠬᠠᠯᠶᠡᠷᠦ ᠳᠡᠭᠡᠨ ᠲᠡᠭᠡᠵᠦ ᠠᠯᠳᠠᠭ ᠤᠨᠤᠭ ᠤᠨ ᠲᠤᠮᠲᠠ ᠡᠷᠬᠢᠯᠳᠦᠭᠡᠳ ᠯᠡᠬᠦᠪᠡᠭᠡ ᠪᠠᠨ ᠲᠦᠯᠬᠢᠬᠦ ᠤᠰᠤᠨ ᠤ ᠤᠷᠠᠨ ᠤᠬᠠᠭᠠᠨ ᠬᠦᠳᠡᠭᠡ ᠪᠠᠨ ᠴᠢᠮᠡᠬᠦ ᠴᠡᠩᠭᠡᠷ ᠰᠢᠪᠠᠭᠤᠳ ᠤᠨ ᠰᠤᠨᠤᠷ ᠲᠤ ᠬᠦᠭᠡᠷᠦᠬᠦᠢ ᠶᠠᠭᠤ ᠨᠢᠭᠡ ᠠᠴᠠ ᠰᠢᠪᠡᠨᠡᠵᠦ ᠦᠭᠭᠦ ᠨᠢ ᠰᠢᠭᠤᠷᠬᠠᠢᠬᠦᠯᠦᠭ ᠢᠶᠠᠨ ᠦᠬᠡᠶᠢᠯᠡᠭᠰᠡᠨ ᠲᠠᠯ᠎ᠠ ᠲᠡᠷᠡ ᠵᠦᠭ ᠲᠤ ᠰᠢᠯᠤᠭᠤᠨᠬᠦᠬᠡ ᠪᠤᠬ᠎ᠠ ᠶᠢᠨ ᠲᠠᠯᠤ ᠬᠦᠬᠡ ᠮᠦᠩᠬᠦ‍ ᠰᠢᠭ ᠴᠠᠶᠢᠯᠵᠠᠵᠤᠬᠦᠮᠦᠨ ᠵᠤᠨ ᠬᠤᠶᠠᠷ ᠲᠠᠪᠠᠭ᠎ᠠ ᠪᠠᠨ ᠲᠠᠭᠠᠨ ᠰᠡᠷᠬᠦᠯᠡᠩ ᠪᠠᠶᠢᠯ᠎ᠠᠬᠦᠴᠦᠷᠬᠡᠭ ᠤᠯᠠᠷᠢᠯ ᠤᠰᠤ ᠪᠠᠨ ᠨᠠᠪᠴᠢ ᠰᠢᠭ᠋ ᠴᠡᠴᠡᠭᠯᠡᠬᠦᠯᠵᠦᠬᠦᠳᠡᠩ ᠵᠡᠷᠭᠡᠯᠬᠡᠨ ᠬᠤᠶᠠᠷ ᠲᠠᠢ ᠪᠠᠨ ᠬᠡᠵᠢᠶᠡᠳᠡ ᠦᠵᠡᠰᠬᠦᠯᠡᠩ ᠪᠠᠶᠢᠯ᠎ᠠᠪᠠᠳᠠᠷᠠᠬᠤ ᠳᠠᠭᠠᠨ ᠪᠤᠯᠠᠭ ᠤᠳ ᠤᠨ ᠤᠷᠤᠰᠬᠠᠯ ᠬᠢᠵᠠᠭᠠᠷ ᠦᠬᠡᠢᠪᠠᠷᠠᠭᠳᠠᠬᠤ ᠳᠠᠭᠠᠨ ᠲᠠᠯᠠᠢ ᠶᠢᠨ ᠴᠤᠮᠤᠳᠬᠠᠯ ᠬᠡᠯᠡ ᠦᠬᠡᠢᠪᠤᠳᠠ ᠪᠤᠲᠠ ᠴᠡᠴᠡᠭ ᠬᠠᠳᠤᠭᠠᠳ ᠬᠠᠶᠠᠭᠰᠠᠨ ᠬᠢᠯᠠᠭᠠᠨ᠎ᠠ ᠪᠢᠰᠢ ᠪᠠᠶᠢᠭᠠᠳᠪᠤᠳᠤᠭ ᠰᠠᠭᠤᠯᠭᠠᠵᠤ ᠠᠪᠤᠶ᠎ᠠ ᠬᠡᠬᠦᠯᠡᠷ ᠪᠤᠳᠤᠯ ᠰᠡᠳᠬᠢᠯ ᠳᠤ ᠦᠩᠬᠡ ᠦᠬᠡᠢ     ᠲᠡᠷᠡ ᠨᠢᠭᠡ ᠬᠠᠳᠠ ᠦᠴᠦᠭᠡᠳᠦᠷ ᠴᠢ ᠮᠢᠨᠢ ᠲᠡᠭᠷᠢ ᠶᠢᠨ ᠦᠨᠳᠦᠷ ᠢ ᠪᠠᠰᠤᠭᠰᠠᠨ ᠲᠦᠷᠢᠯᠡᠭᠡᠷ ᠬᠤᠶᠠᠷ ᠲᠠᠯᠠᠪᠴᠢ ᠪᠠᠶᠢᠪᠠ ᠲᠡᠷᠭᠡᠳᠡ ᠴᠢᠨᠢ ᠪᠢ ᠲᠡᠯᠡᠬᠡᠢ ᠶᠢᠨ ᠲᠡᠨᠢᠭᠡᠷ ᠢ ᠪᠠᠷᠠᠯᠠᠭᠰᠠᠨ ᠲᠦᠷᠢᠮᠡᠬᠡᠢ ᠨᠢᠭᠡᠨ ᠨᠢᠷᠤᠭᠤᠪᠴᠢ ᠪᠠᠶᠢᠪᠠ ᠦᠨᠦᠳᠦᠷ ᠴᠢ ᠮᠢᠨᠢ ᠨᠤᠳᠤᠭ ᠢᠶᠠᠨ ᠲᠡᠷᠡᠯᠡᠭᠡᠳ ᠲᠤᠭᠵᠢᠷᠠᠭᠰᠠᠨ ᠨᠡᠷ᠎ᠡ ᠶᠢᠨ ᠲᠡᠳᠦᠢ ᠭᠡᠰᠡᠭ ᠴᠢᠯᠠᠭᠤ ᠪᠠᠶᠢᠪᠠ ᠦᠪᠦᠷ ᠲᠤ ᠴᠢᠨᠢ ᠪᠢ ᠦᠯᠢᠭᠡᠷ ᠢ ᠴᠢᠨᠢ ᠦᠬᠡᠶᠢᠯᠡᠭᠡᠳ ᠤᠷᠭᠤᠭᠰᠠᠨ ᠦᠷ᠎ᠡ ᠶᠢᠨ ᠲᠡᠳᠦᠢ ᠰᠢᠷᠬᠡᠭ ᠡᠪᠡᠰᠦ ᠪᠠᠶᠢᠪᠠ      ᠬᠦᠩᠬᠢᠷ ᠤᠨ ᠲᠠᠯ᠎ᠠ ᠳᠤᠡᠷᠳᠡ ᠤᠷᠢᠳᠤᠬᠢ ᠬᠡᠯᠪᠡᠷᠢ ᠶᠢᠨᠢᠵᠠᠭᠤᠷ ᠨᠢ ᠠᠳᠡ ᠦᠯᠡᠳᠡᠭᠰᠡᠨ ᠪᠤᠯᠪᠠᠤᠠᠳᠡᠬᠦᠦ ᠦᠬᠡᠢ ᠲᠡᠭᠡᠳᠦᠰ ᠤᠨ ᠮᠢᠨᠢᠡᠷᠡᠬᠦᠯ ᠤᠬᠠᠭᠠᠨ ᠨᠢ ᠬᠤᠴᠤᠷᠤᠭᠰᠠᠨ ᠪᠢᠯᠢᠦᠡᠪᠡᠰᠦ ᠶᠢ ᠨᠢ ᠲᠠᠭᠠᠯᠠᠵᠤ ᠰᠡᠪᠡᠯᠵᠡᠬᠦᠡᠩᠭᠡᠷ ᠤᠨ ᠰᠠᠯᠬᠢ ᠨᠢ ᠦᠭᠬᠢᠶᠡᠮᠦᠷᠡᠬᠢ ᠪᠠᠨ ᠲᠠᠭᠠᠭᠠᠳ ᠮᠡᠯᠮᠡᠯᠵᠡᠬᠦᠡᠩᠬᠦᠷᠡᠢ ᠤᠰᠤᠨ ᠦᠶᠡᠷᠬᠡᠭᠤᠶᠠᠬᠠᠨ ᠲᠡᠯᠭᠡᠷᠡᠬᠦ ᠴᠡᠴᠡᠭᠡᠰ ᠢᠶᠠᠷ ᠢᠶᠠᠨᠤᠳᠤᠮ ᠤᠨ ᠮᠢᠨᠢ ᠤᠯᠪᠠᠭ᠎ᠠ ᠲᠠᠢ ᠢᠵᠢᠯᠰᠢᠵᠦᠤᠪᠤᠯᠵᠠᠨ ᠰᠤᠨᠤᠰᠳᠠᠬᠤ ᠠᠶᠠᠰ ᠲᠠᠭᠠᠨᠤᠳᠤᠭᠠᠨ ᠤ ᠪᠠᠨ ᠦᠨᠦᠷ ᠲᠠᠢ ᠢᠳᠡᠭᠡᠰᠢᠵᠦᠠᠰᠢᠲᠠ ᠶᠢᠨ ᠨᠠᠷᠠᠨ ᠤ ᠦᠪᠦᠷᠠᠪᠤ ᠶᠢᠨ ᠠᠳᠤᠭᠤᠳ ᠢᠶᠠᠷ ᠭᠠᠩᠬᠤᠨ᠎ᠠᠠᠶᠢᠯ ᠤᠨ ᠮᠢᠨᠢ ᠰᠤᠷᠮᠤᠤᠰᠤᠨ ᠦᠵᠦᠬᠦᠷᠠᠶᠢᠷᠠᠭ ᠤᠨ ᠠᠷᠠᠳ ᠢᠶᠠᠨ ᠭᠠᠩᠬᠤᠯᠤᠨ᠎ᠠ      ᠪᠠᠷᠰ ᠬᠤᠳᠠ ᠶᠢ ᠬᠠᠷᠠᠭᠠᠳ ᠶᠠᠭᠤ ᠬᠡᠮᠡᠨ ᠠᠲᠡ ᠢᠷᠡᠭᠰᠡᠨ ᠪᠤᠢ ᠬᠡᠵᠦ ᠶᠠᠭᠠᠬᠢᠵᠤ ᠪᠢ ᠬᠦᠮᠦᠨ ᠠᠴᠠ ᠠᠰᠠᠭᠤᠨ᠎ᠠ︖ ᠶᠠᠭᠤᠨ ᠤ ᠬᠦᠮᠦᠨ ᠶᠤᠮ ᠪᠤᠢ ᠴᠢ ᠭᠡᠵᠦ ᠶᠠᠮᠠᠷ ᠬᠦᠮᠦᠨ ᠨᠠᠳᠠ ᠠᠴᠠ ᠠᠰᠠᠭᠤᠵᠤ ᠪᠠᠶᠢᠨ᠎ᠠ  ︕ ᠲᠡᠦᠬᠡ ᠭᠡᠵᠦ ᠠᠰᠠᠭᠤᠯᠲᠠ ᠪᠠᠶᠢᠭᠰᠠᠨ ᠪᠤᠯᠪᠠᠤ︕ ᠲᠦᠷᠦ ᠭᠡᠳᠡᠭ ᠬᠠᠷᠢᠭᠤᠯᠲᠠ ᠨᠢ ᠪᠠᠶᠢᠭᠰᠠᠨ ᠪᠢᠯᠢᠦ︕ ᠲᠦᠷᠦ ᠭᠠᠵᠠᠷᠳᠠᠬᠤ ᠠᠴᠠ ᠬᠦᠮᠦᠨ ᠠᠶᠤᠳᠠᠭ ᠦᠬᠡᠢ ᠲᠡᠦᠬᠡ ᠭᠠᠵᠠᠭᠤᠳᠠᠬᠤ ᠠᠴᠠ ᠲᠡᠭᠷᠢ ᠭᠠᠵᠠᠷ ᠠᠶᠤᠳᠠᠭ    ᠬᠡᠪᠳᠡᠬᠦᠯ ᠤ ᠬᠤᠶᠢᠨ᠎ᠠ ᠠᠴᠠ ᠬᠡᠪᠳᠡᠭᠡ ᠢᠶᠠᠷ ᠵᠤᠭᠰᠤᠨ᠎ᠠ ᠭᠡᠭᠴᠢ ᠶᠠᠮᠠᠷ ᠠᠤᠭ᠎ᠠ ᠶᠡᠭᠡ ᠰᠦᠭ ᠰᠦᠨᠡᠰᠦ ᠪᠠᠶᠢᠭᠰᠠᠨ ᠪᠤᠢ︖ ᠶᠠᠮᠠᠷ ᠬᠦᠮᠦᠨ ᠤ ᠴᠡᠷᠢᠭ ᠬᠡᠪᠳᠡᠭᠡ ᠪᠠᠷ ᠵᠤᠭᠰᠤᠳᠠᠭ ᠪᠠᠶᠢᠭᠰᠠᠨ ᠪᠤᠢ︖ ᠬᠡᠴᠢᠨᠡᠨ ᠠᠭᠤᠤ ᠶᠡᠭᠡ ᠴᠢᠩ ᠵᠤᠷᠢᠭ ᠪᠠᠶᠢᠭᠰᠠᠨ ᠪᠢᠯᠡ︕ ᠵᠠᠭᠤᠨ ᠲᠦᠮᠡᠨ ᠴᠢᠯᠠᠭᠤᠨ ᠴᠡᠷᠢᠭ ᠵᠠᠭᠤᠳᠠᠯ ᠲᠡᠭᠡᠷ᠎ᠡ ᠪᠠᠨ ᠪᠤᠰᠤᠭ᠎ᠠ ᠪᠠᠷ ᠢᠶᠠᠨ ᠵᠠᠭᠤᠨ ᠵᠠᠭᠤᠨ ᠢ ᠡᠯᠡᠭᠡᠭᠰᠡᠨ ᠬᠡᠪᠳᠡᠬᠦᠯᠴᠢᠳ ᠵᠢᠯᠣᠭᠤ ᠪᠠᠨ ᠠᠯᠳᠠᠭ᠎ᠠ ᠦᠭᠡᠢ ᠵᠤᠭᠰᠤᠭ᠎ᠠ ᠪᠠᠷ ᠢᠶᠠᠨ ᠵᠠᠰᠠᠭ ᠤᠨ ᠨᠠᠷᠠᠨ ᠡᠬᠦᠷᠢᠳᠡ ᠲᠡᠨᠳᠡ ᠤᠷᠭᠤᠭ᠎ᠠ ᠪᠠᠶᠢᠵᠤ ᠪᠢᠯᠡ︕    ᠬᠤᠩᠬᠢᠷᠠᠳ ᠬᠡᠬᠦ ᠪᠠᠷ ᠬᠠᠨᠴᠤᠢ ᠲᠤᠲᠤᠷ᠎ᠠ ᠪᠠᠨ ᠪᠢ ᠬᠤᠩᠬᠢᠷᠠᠳ ᠤᠨ ᠬᠠᠶ᠋ᠢᠭ ᠶᠢ ᠬᠠᠳᠠᠭᠠᠯᠠᠵᠤ ᠠᠪᠤᠯ᠎ᠠ ᠬᠠᠯᠠᠭᠤᠨ ᠡᠯᠢᠭᠡᠨ ᠨᠤᠳᠤᠭ ᠲᠠᠭᠠᠨ ᠬᠠᠳᠤᠨ ᠡᠬᠡ ᠶᠢᠨ ᠬᠤᠳᠤᠭ ᠢ ᠬᠠᠮᠠᠭᠠᠯᠠᠵᠤ ᠶᠠᠪᠤᠬᠤ ᠶᠤᠮᠰᠠᠨ ᠬᠤᠩᠬᠢᠷᠠᠳ᠂ ᠬᠤᠩᠬᠢᠷᠠᠳ᠂ ᠬᠤᠩᠬᠢᠷᠠᠳ ᠬᠤᠰᠢᠭᠤ ᠴᠢᠭᠤᠯᠭᠠᠨ ᠬᠤᠭᠤᠰᠤᠨ ᠰᠠᠨᠠᠭᠳᠠᠭᠠᠳ ᠯᠠ ᠪᠠᠶᠢᠨ᠎ᠠ ᠬᠤᠱᠤᠢ ᠲᠦᠮᠡᠨ ᠠᠶᠢᠯ ᠤᠳ ᠲᠤ ᠬᠤᠷᠠᠬᠤ ᠮᠤᠩᠭᠤᠯ ᠭᠠᠭᠴᠠᠭᠠᠷ ᠡᠷᠢᠭᠳᠡᠭᠡᠳ ᠯᠡ ᠪᠠᠶᠢᠨ᠎ᠠ ᠬᠠᠭᠠᠨ ᠬᠠᠶᠢᠷᠬᠠᠨ ᠬᠦᠪᠡᠬᠦᠳ ᠤᠨ ᠬᠠᠶᠢᠯᠭᠠᠨ ᠴᠠᠭᠠᠨ ᠨᠢᠳᠤᠳ ᠢᠷᠮᠡᠯᠵᠡᠭᠡᠳ ᠯᠡ ᠪᠠᠶᠢᠨ᠎ᠠ ᠬᠤᠷᠠᠭᠠᠨ ᠴᠡᠩᠭᠡᠷ ᠡᠬᠦᠯᠡᠰ ᠤᠨ ᠨᠠᠭᠠᠨ᠎ᠠ ᠬᠤᠯᠠᠨ ᠰᠢᠷᠭ᠎ᠠ ᠠᠳᠤᠭᠤᠳ ᠢᠨᠴᠠᠭᠠᠭᠠᠳ ᠯᠡ ᠪᠠᠶᠢᠨ᠎ᠠ ᠬᠤᠩᠬᠤᠨ ᠤᠯᠠᠭᠠᠨ ᠴᠡᠴᠡᠭᠡᠰ ᠢ ᠨᠢ ᠬᠤᠷᠮᠤᠢ ᠪᠠᠨ ᠲᠦᠬᠦᠷᠡᠳᠡᠯ᠎ᠡ ᠲᠡᠬᠦᠵᠦ ᠠᠪᠤᠯ᠎ᠠ ᠬᠤᠪᠢᠯᠭᠠᠨ ᠰᠢᠳᠢ ᠰᠠᠭᠤᠭᠰᠠᠨ ᠠᠭᠤᠯᠠᠰ ᠶᠢ ᠨᠢ ᠬᠤᠰᠢᠭᠤ ᠪᠠᠨ ᠬᠠᠯᠠᠰᠲᠠᠯ᠎ᠠ ᠲᠠᠭᠤᠯᠠᠵᠤ ᠶᠠᠪᠤᠬᠤ ᠶᠤᠮᠰᠠᠨ      ᠠᠰᠠᠭᠳᠤ ᠮᠢᠨᠦ ᠪᠢᠰᠢ ᠪᠠᠶᠢᠭᠰᠠᠨ ᠦᠶ᠎ᠡ ᠳᠡᠭᠡᠨ ᠴᠢ ᠮᠤᠩᠭᠤᠯ ᠨᠡᠷ᠎ᠡ ᠲᠠᠢ ᠪᠠᠶᠢᠭᠰᠠᠨ ᠶᠤᠮ ᠪᠤᠯ ᠤᠤ︖ ᠮᠤᠩᠭᠤᠯ ᠨᠡᠷ᠎ᠡ ᠲᠠᠢ ᠪᠤᠯᠤᠭᠰᠠᠨ ᠠᠴᠠ ᠬᠤᠶᠢᠰᠢ ᠮᠢᠨᠦ ᠠᠰᠠᠭᠳᠤ ᠪᠢᠰᠢ ᠴᠣ᠋ ᠪᠤᠯᠳᠠᠭ ᠪᠤᠯᠪᠠᠤ︕ ᠴᠢ ᠪᠢᠲᠡ ᠬᠤᠶᠠᠭᠤᠯᠠ ᠴᠢᠩᠬᠢᠰ ᠤᠨ ᠰᠠᠬᠢᠶ᠎ᠠ ᠶᠢ ᠡᠷᠬᠦᠵᠦ ᠶᠠᠪᠤᠭᠰᠠᠨ ᠪᠤᠯᠪᠠᠴᠤ ᠬᠡᠨ ᠨᠢᠭᠡᠨ ᠳᠡᠭᠡᠨ ᠤᠰᠤᠯᠳᠠᠭᠰᠠᠨ ᠰᠢᠭ᠋ ᠶᠤᠮ ᠡ ᠭᠡᠳᠡᠶᠢᠭᠰᠡᠨ ᠭᠠᠵᠠᠷ ᠲᠠᠭᠠᠨ ᠴᠢ ᠰᠢᠯᠵᠢᠭᠡ ᠦᠬᠡᠢ ᠬᠡᠨᠡᠨ ᠴᠠᠭᠠᠨ ᠤᠨ ᠵᠢᠯ ᠢ ᠤᠭᠳᠤᠨ ᠦᠳᠡᠭᠰᠡᠭᠡᠷ ᠬᠡᠶᠢᠬᠦ ᠦᠦᠷ ᠲᠠᠢ ᠪᠠᠨ ᠴᠤᠭᠠᠷ ᠮᠦᠨ ᠬᠠᠳᠠ ᠰᠢᠭ᠋ ᠢᠶᠠᠨ ᠭᠡᠳᠡᠯ᠎ᠡ ᠪᠢ ᠡᠩᠬᠡᠷ ᠠᠴᠠ ᠴᠢᠨᠢ ᠡᠮᠵᠢᠭᠯᠡᠵᠦ ᠶᠠᠪᠤᠭᠠᠳ ᠭᠡᠷ ᠤᠨ ᠢᠰᠡᠬᠡᠢ ᠪᠠᠨ ᠬᠦᠷᠳᠡᠯ᠎ᠡ ᠤᠷᠬᠢᠬᠤ ᠳᠤ ᠲᠤᠯᠵᠠᠢ ᠬᠡᠨᠡᠳᠦᠯ ᠶᠤᠮ ᠤᠤ︖ ᠭᠡᠮᠰᠢᠯ ᠶᠤᠮ ᠤᠤ︖ ᠭᠡᠨᠡᠳᠲᠡ ᠮᠡᠳᠡᠬᠦ ᠳᠤ ᠤᠰᠤᠯᠳᠠᠭᠰᠠᠨ ᠨᠢ ᠪᠢ ᠪᠠᠶᠢᠵᠠᠢ ᠴᠢᠨᠦ ᠵᠠᠬ᠎ᠠ ᠳᠤ ᠪᠢᠳᠡ ᠴᠢᠨᠢ ᠴᠢᠩᠬᠢᠰ ᠤᠨ ᠨᠢᠭᠤᠷ ᠢ ᠭᠡᠭᠡᠭᠰᠡᠨ ᠨᠤᠪᠴᠢ ᠪᠠᠶᠢᠵᠤ ᠤᠤ ᠳ᠋ᠠ︕ ᠤᠰᠤᠯ ᠭᠡᠳᠡᠭ ᠤᠭᠵᠤᠮ ᠨᠢᠭᠡᠯᠬᠡᠨ ᠴᠠᠭ ᠤᠨ ᠬᠢ ᠤᠷᠤᠰᠢᠯ ᠬᠡᠭᠴᠢ ᠤᠰᠠᠳᠳᠠᠰᠢ ᠦᠬᠡᠢ ᠡᠬᠦᠷᠢᠲᠡ ᠶᠢᠨ ᠬᠢ ᠬᠠᠳᠠᠨ ᠤ ᠴᠢᠨᠢ ᠬᠠᠭᠠᠷᠬᠠᠢ ᠶᠢ ᠲᠡᠬᠦᠵᠦ ᠬᠠᠵᠠᠭᠤ ᠳᠤ ᠴᠢᠨᠢ ᠤᠪᠤᠭ᠎ᠠ ᠪᠤᠯᠵᠤ ᠨᠡᠶᠢᠯᠡᠵᠦ ᠰᠠᠭᠤᠨᠠᠮ ᠤᠤ︖      ᠬᠠᠶ᠋ᠢᠭ᠄ 赤峰市残联:毕力格    (赤峰市新城区亲水湾小区051信箱)         ᠤᠳᠠᠰᠤ᠄ 13947673036         ᠰᠢᠦᠳᠠᠨ᠄ 024000  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号