ᠨᠡᠭᠦᠳᠡᠯ ᠤᠨ ᠪᠠᠷ᠎ᠠ
ᠨᠡᠶᠢᠲᠡᠯᠡᠭᠰᠡᠨ ᠴᠠᠭ᠄
2020/11/10
  ᠶ᠋᠊  ᠂ ᠬᠠᠶᠢᠷ᠎ᠠ                                              ᠨᠠᠷᠠᠨ ᠰᠠᠷᠠᠨ ᠢ ᠰᠠᠭᠠᠳᠠᠭᠤᠯᠤᠭᠰᠠᠨ ᠪᠢᠯᠢᠭ ᠤᠨ ᠵᠤᠯᠠᠢ ᠨᠢ ᠨᠡᠭᠡᠭᠡᠭᠳᠡᠬᠦ ᠳᠤᠨᠡᠭᠦᠳᠡᠯ ᠤᠨ ᠰᠢᠷᠭᠠᠯ ᠲᠤᠭᠤᠰᠤ ᠡᠪᠦᠷ ᠲᠤ ᠨᠢ ᠪᠤᠴᠠᠵᠤ ᠠᠮᠤᠷᠵᠢᠬᠤᠳᠡᠭᠷᠢ  ᠭᠠᠵᠡᠷ ᠢ ᠪᠠᠭᠠᠨᠠᠳᠠᠭᠰᠠᠨ ᠪᠤᠰᠤᠭ᠎ᠠ ᠬᠡᠶᠢᠮᠤᠷᠢ ᠨᠢ ᠳᠦᠷᠡᠯᠵᠡᠬᠦ ᠳᠤᠳᠤᠯᠭ᠎ᠠ ᠶᠢᠨ ᠭᠤᠷᠪᠠᠨ ᠴᠢᠯᠠᠭᠤ ᠡᠯᠢᠭᠡᠨ ᠳᠤ ᠨᠢ ᠡᠩᠬᠡᠵᠢᠵᠤ ᠮᠦᠡᠭᠬᠡᠷᠡᠬᠦᠬᠦᠷᠡᠩ ᠠᠭᠤᠯᠠᠰ ᠨᠦᠮᠦᠷᠢᠳᠡᠭᠰᠡᠨ ᠮᠦᠴᠢᠷ ᠰᠠᠯᠠᠭ᠎ᠠ ᠨᠢ ᠨᠠᠬᠢᠯᠵᠡᠬᠤ ᠳᠤᠦᠨᠳᠤᠷ ᠲᠤ ᠳᠡᠭᠦᠯᠢᠬᠦ ᠪᠦᠷᠭᠦᠳ ᠵᠢᠭᠦᠷ ᠢᠶᠠᠨ ᠬᠤᠮᠢᠭᠠᠳ ᠨᠠᠮᠠᠨᠴᠢᠯᠠᠬᠤᠬᠦᠭᠡ ᠲᠤᠤᠯᠢ ᠬᠠᠶᠢᠯᠠᠭᠰᠠᠨ ᠡᠷᠳᠡᠨᠢ ᠶᠢᠨ ᠨᠠᠪᠴᠢᠰ ᠨᠢ ᠱᠤᠤᠭᠢᠬᠤ ᠳᠤᠦᠨᠳᠦᠷᠯᠢᠭ ᠤᠨ ᠠᠯᠳᠠᠭᠤᠯ ᠰᠠᠯᠬᠢ ᠡᠮᠤᠨ᠎ᠠ ᠨᠢ ᠢᠷᠡᠭᠡᠳ ᠰᠦᠭᠦᠷᠡᠬᠦᠪᠤᠭᠤᠷᠤᠯ ᠬᠠᠨᠭ᠍ᠭᠠᠢ ᠪᠠᠨ ᠦᠬᠦᠬᠡᠷᠳᠡᠭᠰᠡᠨ ᠪᠤᠳᠤᠯ ᠤᠨ ᠰᠡᠭᠦᠷᠡᠰᠤ ᠤᠨᠠᠭᠠᠬᠤ ᠳᠤᠪᠤᠷᠤ ᠰᠠᠭᠠᠷᠠᠯ ᠡᠭᠦᠯᠡᠰ ᠬᠤᠷ᠎ᠠ ᠪᠤᠯᠤᠨ ᠠᠰᠬᠠᠷᠠᠬᠤᠪᠤᠯᠵᠤᠮᠤᠷ ᠰᠢᠪᠠᠭᠤᠬᠠᠢ ᠵᠢᠷᠭᠢᠭᠰᠡᠨ ᠬᠠᠨᠠᠭᠠᠷ ᠴᠡᠭᠡᠵᠢ ᠪᠠᠨ ᠳᠡᠨᠡᠶᠢᠯᠭᠡᠬᠦ ᠳᠤᠪᠤᠮᠠᠨ ᠳᠠᠭᠤᠤ ᠮᠢᠩᠭᠠᠨ ᠡᠭᠡᠰᠢᠭ ᠨᠠᠮᠠᠭᠠᠨ ᠳᠡᠭᠡᠷ᠎ᠡ ᠨᠢ ᠡᠷᠬᠡᠯᠡᠬᠦᠦᠷ ᠰᠦᠨᠢ ᠶᠢᠨ ᠵᠠᠶᠢᠴᠢᠨ ᠳᠤ ᠠᠯᠤᠰ ᠢ ᠮᠦᠷᠦᠭᠡᠳᠤᠨ ᠤᠶᠡᠷᠡᠬᠤ ᠳᠤᠠᠳᠤᠭᠤᠳ ᠤᠨ ᠤᠨᠠᠭᠠᠨ ᠦᠤᠷᠰᠡᠭᠡ ᠬᠤᠷᠮᠤᠢ ᠳᠤ ᠨᠢ ᠦᠨᠡᠭᠡᠴᠢᠯᠡᠨ ᠲᠤᠭᠵᠢᠷᠠᠬᠤᠦᠯᠡᠮᠵᠢ ᠶᠢᠨ ᠪᠤᠶᠠᠨ ᠬᠤᠷᠤᠶᠢᠯᠠᠭᠰᠠᠨ ᠰᠦᠵᠢᠭ ᠤᠨ ᠯᠠᠪᠠᠷᠢ ᠨᠢ ᠳᠡᠷᠪᠡᠬᠦ ᠳᠤᠦᠡᠭᠭᠡ ᠶᠢᠨ ᠭᠡᠷᠡᠯᠳᠤ ᠴᠡᠴᠡᠭᠡᠰ ᠳᠡᠯᠪᠢ ᠪᠠᠨ ᠵᠠᠳᠠᠯᠤᠭᠠᠳ ᠮᠢᠰᠢᠶᠡᠬᠦᠴᠡᠩᠬᠡᠷ ᠮᠠᠨᠠᠨ ᠬᠦᠰᠢᠭᠡᠯᠡᠭᠰᠡ ᠶᠧᠯᠧᠢ ᠶᠢᠨ ᠲᠦᠷᠢ ᠨᠢ ᠲᠤᠳᠤᠷᠠᠬᠤ ᠳᠤᠦᠨᠳᠤᠰᠤ ᠪᠠᠨ ᠬᠠᠳᠬᠤᠭᠰᠠᠨ ᠬᠦᠷᠦᠰᠤ ᠨᠢ ᠰᠦ ᠢᠪᠢᠯᠦᠭᠡᠳ ᠳᠠᠶᠢᠪᠤᠰᠢᠷᠠᠬᠤᠴᠠᠴᠠ ᠤᠬᠠᠭᠠᠨ ᠨᠤᠮᠯᠠᠭᠰᠠᠨ ᠡᠪᠤᠭᠡᠳ ᠤᠨ ᠰᠦᠷ ᠢᠶᠠᠷ ᠰᠦᠨᠳᠡᠷᠯᠡᠬᠦ ᠳᠤᠡᠩᠭᠡᠷ ᠤᠨ ᠪᠤᠷᠤᠭ ᠡᠪᠡᠰᠤ ᠦᠯᠡᠮᠡᠢ ᠳᠤ ᠨᠢ ᠨᠢᠯᠬᠠᠷᠠᠭᠠᠳ ᠵᠢᠷᠭᠠᠬᠤᠦᠳᠡᠰᠢ ᠶᠢᠨ ᠲᠦᠮᠡᠨ ᠤᠳᠤ ᠲᠠᠢ ᠦᠭᠡ ᠨᠡᠪᠲᠡᠷᠡᠵᠤ ᠦᠶᠡᠷᠬᠡᠭᠰᠡᠨᠦᠦᠬᠡ ᠲᠡᠤᠬᠡ ᠪᠠᠨ ᠪᠢᠴᠢᠭᠯᠡᠭᠰᠡᠨ ᠴᠢᠩᠭᠢᠰ ᠴᠠᠳᠢᠭ ᠤᠨ ᠦᠴᠢᠯᠭᠡᠭᠡᠨ ᠬᠠᠷᠠᠩᠭᠤᠢ ᠶᠢᠨ ᠤᠷᠴᠢᠯᠠᠩ ᠲᠠᠢ ᠡᠶ᠎ᠡ ᠪᠠᠷ ᠢᠶᠠᠨ ᠡᠪᠰᠡᠵᠤ ᠭᠠᠨᠭ᠍ᠬᠤᠭᠰᠠᠭᠡᠷᠡᠯᠳᠤ ᠨᠤᠭᠤᠭᠠᠨ ᠢᠶᠠᠷ ᠬᠤᠶᠠᠭᠯᠠᠭᠰᠠ ᠮᠦᠡᠭᠬᠡ ᠶᠢᠨ ᠰᠦᠯᠳᠡ ᠰᠢᠳᠤᠭᠡᠨᠬᠦᠵᠢ ᠳᠡᠯᠡᠭᠡᠢ ᠶᠢᠨ ᠷᠢᠳᠢ ᠰᠢᠳᠢ ᠪᠠᠷ ᠮᠢᠩᠭ᠎ᠠ ᠮᠢᠩᠭᠠᠨ ᠢ ᠲᠤᠭᠤᠯᠠᠭᠰᠠᠨᠬᠦᠪᠴᠢ ᠤᠢ ᠠᠴᠠ ᠲᠠᠰᠤᠷᠠᠭᠰᠠᠨ ᠬᠦᠭᠡ ᠮᠤᠩᠭᠤᠯ ᠤᠨ ᠮᠢᠨᠢ ᠤᠡᠭᠭᠤᠳᠬᠦᠷᠬᠦ ᠮᠠᠷᠭᠠᠰᠢ ᠶᠢᠨ ᠬᠠᠷᠭᠤᠢ ᠳᠤ ᠴᠠᠮᠬᠠᠭ ᠪᠤᠯᠵᠤ ᠭᠡᠷᠡᠯᠳᠦᠭᠰᠡᠨᠬᠦᠮᠦᠨ ᠮᠤᠳᠤᠨ ᠪᠡᠶᠡᠯᠡᠭᠡ ᠲᠠᠢ ᠳᠡᠭᠡᠳᠤᠰ ᠤᠨ ᠮᠢᠨᠢ ᠤᠡᠭᠭᠤᠨ ᠰᠦᠨᠡᠰᠣᠨᠨᠠᠮᠤᠭ ᠲᠠᠯ᠎ᠠ ᠪᠠᠨ ᠪᠦᠪᠠᠶᠢᠯᠠᠵᠤ ᠨᠠᠮᠤᠷ ᠤᠨ ᠰᠢᠭᠦᠳᠡᠷᠢ ᠴᠡᠮᠴᠡᠭᠡᠨᠠᠭᠦᠯᠦᠭᠰᠡᠨᠨᠢᠭᠡᠭᠡᠨ ᠬᠤᠷᠤᠭᠤ ᠭᠠᠵᠡᠷ ᠢᠶᠠᠨ ᠪᠤᠷᠬᠠᠨ ᠠᠴᠠ ᠬᠦᠷᠳᠡᠯ᠎ᠠ ᠬᠠᠷᠠᠮᠨᠠᠭᠰᠠᠨᠨᠤᠷᠠᠵᠤ ᠪᠤᠯᠤᠰᠢ ᠦᠭᠡᠢ ᠵᠠᠭᠢᠶ᠎ᠠ ᠨᠦᠭᠦᠵᠤ ᠪᠤᠯᠤᠰᠢ ᠦᠭᠡᠢ ᠰᠠᠬᠢᠶ᠎ᠠᠨᠤᠳᠤᠭ ᠤᠨ ᠪᠤᠭᠤᠷᠤᠯ ᠱᠠᠩᠰᠢ ᠮᠢᠨᠢ᠂ ᠨᠤᠮᠢᠨ ᠦᠡᠭᠭᠡᠳᠤ ᠠᠮᠢ ᠮᠢᠨᠤ ᠁
 
ᠢᠷᠡᠯᠲᠡ᠄ ᠶ᠋᠊ ᠂ ᠬᠠᠶᠢᠷ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号