ᠮᠠᠨ ᠤ ᠨᠤᠳᠤᠭ ᠤᠨ ᠬᠢᠨᠢ ᠤᠯᠤᠰ ᠪᠠᠶᠢᠭᠤᠯᠤᠭᠳᠠᠬᠤ ᠶᠢᠨ ᠡᠬᠢ ᠪᠠᠷ ᠪᠠᠷᠢᠭᠠᠳᠠ ᠪᠠᠶᠢᠭᠤᠯᠤᠭᠳᠠᠵᠤ ᠨᠡᠶᠢᠲᠡ ᠪᠠᠷ | ᠮᠠᠯᠵᠢᠵᠤ ᠲᠠᠷᠢᠶᠠᠯᠠᠳᠠᠭ ᠪᠤᠯᠵᠠᠢ᠃ ᠵᠢᠯ ᠪᠦᠷᠢ ᠶᠢᠨ ᠨᠠᠮᠤᠷ ᠤᠯᠤᠰ ᠲᠤ ᠦᠬᠡᠷ ᠬᠤᠨᠢ ᠠᠴᠠ ᠪᠠᠨ ᠬᠤᠳᠠᠯᠳᠣᠵᠤ | ᠥᠭᠳᠡᠭ ᠪᠠ ᠦᠳᠦᠷᠮ᠎ᠡ ᠪᠠᠨ ᠠᠪᠴᠤ ᠪᠠᠷᠠᠪᠠᠯ ᠮᠠᠨ ᠤ ᠭᠠᠴᠠᠭ᠎ᠠ ᠠᠴᠠ ᠬᠠᠮᠤᠭ ᠤᠶᠢᠷ᠎ᠠ ᠭᠡᠳᠡᠭ ᠶᠡᠬᠡᠲᠡᠯᠡ ᠳᠠᠬᠢ | ᠤᠯᠤᠰ ᠤᠨ ᠠᠮᠤ ᠪᠤᠳᠠᠭᠠᠨ ᠤ ᠬᠦᠮᠦᠷᠭᠡ ᠳᠤ ᠦᠬᠡᠷ ᠲᠡᠷᠭᠡ ᠪᠠᠷ ᠬᠦᠷᠭᠡᠵᠦ ᠶᠠᠪᠤᠳᠠᠭ ᠪᠠᠶᠢᠵᠠᠢ᠃ | ᠨᠢᠭᠡ ᠵᠢᠯ ᠤᠨ ᠨᠠᠮᠤᠷ ᠮᠢᠨᠦ ᠡᠪᠦᠭᠡ ᠠᠯᠪᠠᠨ ᠠᠮᠤ ᠬᠦᠷᠭᠡᠵᠦ ᠤᠴᠢᠭᠰᠠᠨ ᠳᠤ ᠬᠦᠮᠦᠷᠭᠡ ᠶᠢᠨ ᠠᠵᠢᠯᠴᠢᠳ ᠨᠢ | ᠲᠡᠷᠭᠡᠨ ᠲᠡᠭᠡᠷ᠎ᠡ ᠠᠴᠠ ᠨᠢ ᠪᠤᠳᠠᠭ᠎ᠠ ᠶᠢ ᠨᠢ ᠪᠠᠭᠤᠯᠭᠠᠨ ᠠᠪᠴᠤ ᠪᠦᠳᠦᠭᠦᠨ ᠮᠠᠳᠠᠢ ᠳᠤ ᠤᠭᠤᠲᠠᠯᠠᠵᠤ ᠠᠪᠤᠭᠠᠳ | ᠬᠤᠶᠠᠷ ᠬᠦᠮᠦᠨ ᠲᠤᠮᠳᠠ ᠪᠠᠨ ᠳᠠᠮᠨᠠᠨ ᠶᠠᠪᠤᠵᠣ ᠬᠦᠮᠦᠷᠭᠡ ᠳᠤ ᠪᠠᠨ ᠵᠢᠩᠯᠡᠨ ᠤᠷᠤᠭᠤᠯᠵᠤ ᠪᠠᠶᠢᠪᠠ᠃ ᠡᠪᠦᠭᠡ ᠮᠠᠨᠢ | ᠦᠵᠡᠭᠰᠡᠭᠡᠷ ᠪᠠᠶᠢᠵᠤ ︽ᠢᠩᠭᠢᠵᠦ ᠵᠦᠭᠡᠷ ᠵᠤᠭᠰᠤᠭᠰᠠᠨ ᠴᠤ ᠵᠤᠭᠰᠣᠨ᠎ᠠ᠂ ᠲᠡᠭᠡᠭᠡᠳ ᠲᠠᠭᠠᠷᠠᠵᠤ ᠵᠤᠭᠰᠣᠨ᠎ᠠ᠂ | ᠲᠡᠭᠡᠬᠦ ᠶᠢᠨ ᠤᠷᠤᠨ ᠳᠤ ᠲᠡᠳᠡᠨᠦᠰ ᠲᠤ ᠬᠠᠮᠵᠢᠭᠠᠳ ᠥᠭᠬᠦ ᠳᠤ ᠲᠡᠷᠭᠡ ᠦᠬᠡᠷ ᠢᠶᠠᠨ ᠡᠷᠲᠡ ᠪᠠᠭᠤᠯᠭᠠᠵᠤ ᠠᠮᠠᠷᠠᠵᠤ | ᠠᠮᠢᠰᠬᠤᠬᠤ ᠳᠤ ᠮᠠᠨᠢ ᠰᠠᠶᠢᠨ ᠶᠤᠮ︾ ᠭᠡᠵᠦ ᠰᠠᠨᠠᠵᠤ ᠠᠮᠵᠢᠬᠤ ᠳᠤ ᠪᠠᠨ ᠲᠡᠲᠡᠨ ᠤ ᠬᠠᠵᠠᠭᠤ ᠪᠠᠷ | ᠭᠠᠭᠴᠠ ᠪᠠᠷ ᠢᠶᠠᠨ ᠨᠢᠭᠡ ᠮᠡᠳᠡᠢ ᠪᠤᠳᠠᠭ᠎ᠠ ᠶᠢ ᠰᠦᠷ ᠭᠡᠲᠡᠯ᠎ᠡ ᠠᠪᠴᠤ ᠡᠭᠦᠷᠦᠭᠡᠳ ᠬᠦᠮᠦᠷᠭᠡ ᠳᠤ ᠨᠢ ᠤᠷᠤᠭᠤᠯᠵᠤ | ᠡᠬᠢᠯᠡᠵᠡᠢ᠃ | ᠲᠡᠳᠡᠭᠡᠷ ᠠᠵᠢᠯᠴᠢᠳ ᠪᠦᠷ ᠭᠠᠶᠢᠬᠠᠯ ᠪᠤᠯᠣᠭᠰᠠᠨ ᠤ ᠲᠤᠲᠤᠷ᠎ᠠ ᠤᠴᠢᠷ ᠨᠠᠴᠢᠷ ᠲᠤ ᠲᠤᠷᠠᠳᠠᠢ ᠨᠢᠭᠡ ᠨᠢ ︽ᠲᠠ | ᠬᠡᠷᠪᠡ ᠬᠤᠶᠠᠷ ᠮᠠᠳᠠᠢ ᠶᠢ ᠡᠭᠦᠷᠴᠦ ᠲᠡᠶᠢᠯᠪᠡᠯ ᠪᠢᠳᠡ ᠴᠢᠮ᠎ᠠ ᠳᠤ ᠬᠤᠶᠠᠷ ᠮᠠᠳᠠᠢ ᠪᠤᠳᠠᠭ᠎ᠠ ᠱᠠᠩᠨᠠᠶ᠎ᠠ︾ ᠭᠡᠳ ᠮᠡᠭ | ᠮᠡᠭ ᠱᠤᠬᠤᠷᠬᠠᠨ ᠢᠨᠢᠶᠡᠪᠡ᠃ ᠮᠢᠨᠦ ᠡᠪᠦᠭᠡ ᠬᠦᠯᠢᠭᠡᠯᠵᠡᠵᠦ ᠪᠠᠶᠢᠲᠠᠯ᠎ᠠ ᠤᠯᠠᠨ ᠢᠶᠠᠷ ᠢᠶᠠᠨ ᠲᠠᠭᠤ ᠨᠡᠶᠢᠯᠡᠭᠦᠯᠦᠨ ︽ | ᠲᠠ ᠦᠨᠡᠨ ᠬᠤᠶᠠᠷ ᠮᠠᠳᠠᠢ ᠡᠭᠦᠷᠴᠦ ᠲᠡᠶᠢᠯᠪᠡᠯ ᠯᠡᠪᠳᠡᠢ ᠬᠤᠶᠠᠷ ᠮᠠᠳᠠᠢ ᠪᠤᠳᠠᠭ᠎ᠠ ᠥᠭᠭᠦᠨ᠎ᠡ︾ ᠭᠡᠳ | ᠳᠦᠷᠭᠢᠯᠳᠦᠵᠡᠢ᠃ | ᠮᠢᠨᠦ ᠡᠪᠦᠭᠡ ᠤᠷᠢᠳ ᠢᠶᠠᠷ ᠨᠢᠭᠡ ᠮᠠᠳᠡᠢ ᠪᠤᠳᠠᠭ᠎ᠠ ᠶᠢ ᠦᠪᠡᠷᠳᠡᠭᠡᠨ ᠮᠦᠷᠦᠨ ᠲᠡᠭᠡᠷ᠎ᠡ ᠪᠠᠨ ᠠᠪᠴᠤ | ᠲᠠᠯᠪᠢᠭᠠᠳ ᠲᠤᠭᠤᠷᠢᠵᠣ ᠵᠤᠭᠰᠤᠭᠰᠠᠨ ᠬᠦᠮᠦᠰ ᠢ ᠲᠡᠭᠡᠷ᠎ᠡ ᠨᠢ ᠨᠢᠭᠡ ᠮᠡᠳᠡᠢ ᠨᠡᠮᠡᠵᠦ ᠲᠠᠯᠪᠢ ᠭᠡᠵᠡᠢ᠃ ᠥᠨᠥᠬᠢ | ᠦᠢᠮᠡᠭᠡᠨ ᠳᠤ ᠲᠤᠷᠠᠳᠠᠢ ᠬᠦᠮᠦᠨ ᠨᠦᠭᠦᠭᠡ ᠨᠢᠭᠡ ᠪᠠᠨ ᠳᠠᠭᠤᠳᠠᠨ ᠬᠤᠶᠠᠭᠤᠯᠠ ᠪᠠᠨ ᠨᠢᠭᠡ ᠮᠡᠳᠡᠢ ᠪᠤᠳᠠᠭ᠎ᠠ ᠡᠷᠭᠦᠨ | ᠠᠪᠴᠤ ᠡᠪᠦᠭᠡ ᠶᠢᠨ ᠮᠦᠷᠦᠨ ᠲᠡᠭᠡᠷ᠎ᠡ ᠳᠠᠪᠬᠤᠷᠯᠠᠵᠤ ᠲᠠᠯᠪᠢᠭᠰᠠᠨ ᠪᠠᠶᠢᠯ᠎ᠠ᠃ ᠡᠪᠦᠭᠡ ᠵᠡᠭᠦᠨ ᠭᠠᠷ ᠢᠶᠠᠷ ᠢᠶᠠᠨ | ᠰᠦᠪᠡᠭᠡ ᠪᠠᠨ ᠲᠤᠯᠵᠤ᠂ ᠪᠠᠷᠠᠭᠤᠨ ᠭᠠᠷ ᠢᠶᠠᠷ ᠢᠶᠠᠨ ᠪᠤᠳᠠᠭ᠎ᠠ ᠪᠠᠨ ᠲᠦᠰᠢᠭᠰᠡᠭᠡᠷ ᠨᠢᠭᠡ ᠯᠡ ᠠᠮᠢᠰᠬᠤᠭᠠᠨ ᠲᠡᠭᠡᠷ᠎ᠡ | ᠵᠢᠷᠭᠤᠭᠠᠨ ᠮᠠᠳᠠᠢ ᠪᠤᠳᠠᠭ᠎ᠠ ᠶᠢ ᠬᠤᠶᠢᠨ᠎ᠠ ᠬᠤᠶᠢᠨ᠎ᠠ ᠠᠴᠠ ᠨᠢ ᠬᠦᠮᠦᠷᠭᠡ ᠳᠤ ᠨᠢ ᠤᠷᠣᠭᠤᠯᠵᠤ ᠥᠭᠪᠡ᠃ ᠡᠭᠦᠨ ᠢ | ᠦᠵᠡᠭᠰᠡᠨ ᠤᠯᠠᠨ ᠬᠦᠮᠦᠰ ᠨᠢᠳᠦ ᠪᠠᠨ ᠢᠲᠡᠭᠡᠵᠦ ᠶᠠᠳᠠᠨ ᠪᠠᠶᠢᠲᠠᠯ᠎ᠠ ᠴᠠᠭᠠᠨ᠎ᠠ ᠠᠴᠠ ᠨᠢᠭᠡ ᠰᠢᠷᠠᠪᠳᠣᠷ ᠴᠢᠷᠠᠢ ᠲᠠᠢ | ᠳᠠᠷᠤᠭ᠎ᠠ ᠬᠦᠮᠦᠨ ᠬᠦᠷᠴᠦ ᠢᠷᠡᠭᠡᠳ ︽ᠲᠠᠨᠤᠰ ᠬᠡᠯᠡᠭᠰᠡᠨ ᠦᠭᠡᠨ ᠳᠤ ᠪᠠᠨ ᠰᠠᠭᠤᠵᠤ ᠶᠠᠪᠤ ᠳ᠋ᠡ᠂ ᠦᠭᠡᠢ ᠪᠣᠯ | ᠶᠡᠬᠡᠲᠡᠯᠡ ᠬᠦᠮᠦᠷᠭᠡ ᠶᠢᠨ ᠨᠢᠭᠤᠷ ᠢ ᠭᠡᠭᠡᠬᠦ ᠶᠤᠮ︾ ᠭᠡᠵᠦ ᠬᠦᠮᠦᠷᠭᠡ ᠶᠢᠨ ᠠᠵᠢᠯᠴᠢᠳ ᠲᠤ ᠪᠠᠨ ᠬᠡᠯᠡᠭᠡᠳ ᠶᠠᠪᠤᠪᠠ᠃ | ᠠᠵᠢᠯᠴᠢᠳ ᠨᠢ ᠲᠠᠷᠤᠭ᠎ᠠ ᠶᠢᠨ ᠢᠶᠠᠨ ᠬᠡᠯᠡᠭᠰᠡᠨ ᠦᠭᠡ ᠶᠢ ᠬᠡᠷᠬᠢᠨ ᠠᠷᠭᠠᠴᠠᠬᠤ ᠲᠤᠬᠠᠢ ᠠᠷᠭ᠎ᠠ ᠣᠯᠳᠠᠬᠤ ᠦᠭᠡᠢ | ᠬᠠᠷᠢᠯᠴᠠᠨ ᠨᠢᠭᠡᠨ ᠨᠢᠭᠡ ᠪᠠᠨ ᠬᠠᠷᠠᠭᠠᠳ ᠮᠡᠯᠡᠷᠡᠵᠦ ᠪᠠᠶᠢᠲᠠᠯ᠎ᠠ ᠡᠪᠦᠭᠡ ᠴᠢᠮᠡᠭᠡ ᠢᠮᠡᠭᠡ ᠦᠭᠡᠢ ᠲᠡᠷᠭᠡ ᠦᠬᠡᠷ ᠢᠶᠠᠨ | ᠠᠪᠴᠤ ᠲᠡᠨᠳᠡ ᠠᠴᠠ ᠦᠭᠡ ᠦᠭᠡᠢ ᠰᠠᠯᠵᠤ ᠶᠠᠪᠤᠵᠠᠢ᠃ | ᠡᠪᠦᠭᠡ ᠲᠡᠷᠭᠡ ᠦᠬᠡᠷ ᠢᠶᠠᠨ ᠪᠠᠭᠤᠯᠭᠠᠭᠠᠳ ᠪᠠᠷᠠᠲᠠᠯ᠎ᠠ ᠨᠠᠷᠠ ᠪᠠᠷᠠᠭᠤᠨᠰᠢ ᠵᠢᠷᠭᠠᠵᠤ ᠡᠬᠢᠯᠡᠪᠡ᠃ ᠲᠤᠬᠠᠢ ᠶᠢᠨ | ᠦᠶᠡᠰ ᠤᠯᠤᠰ ᠤᠨ ᠠᠮᠤ ᠪᠤᠳᠠᠭᠠᠨ ᠤ ᠬᠦᠮᠦᠷᠭᠡ ᠶᠢᠨ ᠬᠢᠨ ᠠᠯᠪᠠᠨ ᠠᠮᠤ ᠬᠦᠷᠭᠡᠵᠦ ᠢᠷᠡᠭᠰᠡᠨ ᠠᠶᠢᠯ ᠭᠠᠴᠠᠭᠠᠨ ᠤ | ᠬᠦᠮᠦᠰ ᠲᠤ ᠦᠷᠦᠭᠡ ᠪᠠᠭᠤᠳᠠᠯ ᠲᠤᠬᠢᠷᠠᠭᠤᠯᠵᠤ ᠥᠭᠳᠡᠭ ᠪᠦᠭᠡᠳ ᠲᠡᠷᠭᠡ ᠤᠨᠤᠭ᠎ᠠ ᠳᠤ ᠨᠢ ᠪᠠᠰᠠ ᠬᠦᠷᠢᠶ᠎ᠠ | ᠬᠠᠰᠢᠶ᠎ᠠ ᠲᠠᠢ ᠪᠠᠶᠢᠵᠠᠢ᠃ ᠡᠪᠦᠭᠡ ᠮᠠᠨᠢ ᠪᠦᠬᠦᠯᠢ ᠨᠢᠭᠡ ᠡᠳᠦᠷ ᠵᠠᠮᠨᠠᠭᠰᠠᠨ ᠦᠬᠡᠷ ᠤᠳ ᠢᠶᠠᠨ ᠳᠠᠷᠤᠭᠤᠯ | ᠬᠤᠳᠳᠤᠭ ᠠᠴᠠ ᠤᠰᠤ ᠲᠠᠲᠠᠨ ᠤᠰᠤᠯᠠᠵᠤ ᠪᠠᠷᠠᠭᠠᠳ ᠡᠪᠡᠰᠦ ᠪᠤᠷᠳᠤᠭ᠎ᠠ ᠶᠢ ᠨᠢ ᠠᠮᠵᠢᠭᠤᠯᠵᠤ ᠠᠲᠠᠯ᠎ᠠ ᠨᠢᠭᠡ | ᠦᠨᠳᠦᠷᠬᠡᠨ ᠵᠠᠯᠠᠭᠤ ᠢᠷᠡᠵᠦ ︽ᠳᠠᠷᠤᠭ᠎ᠠ ᠲᠠᠨ ᠢ ᠵᠠᠯᠠᠵᠤ ᠪᠠᠶᠢᠨ᠎ᠠ︾ ᠭᠡᠳ ᠳᠠᠭᠠᠭᠤᠯᠵᠤ ᠤᠴᠢᠪᠠ᠃ ᠤᠳᠣ | ᠪᠤᠳᠤᠪᠠᠯ ᠲᠤᠬᠠᠢ ᠶᠢᠨ ᠦᠶᠡᠰ ᠬᠡᠳᠦ᠋ᠢᠪᠡᠷ ᠠᠵᠤ ᠠᠬᠤᠢ ᠶᠠᠳᠠᠭᠤ ᠬᠤᠴᠤᠷᠣᠩᠭᠤᠢ᠂ ᠠᠷᠠᠳ ᠨᠡᠶᠢᠲᠡ ᠶᠢᠨ ᠠᠵᠤ | ᠠᠮᠢᠲᠤᠷᠠᠯ ᠬᠦᠴᠢᠷᠳᠡᠢ ᠪᠠᠶᠢᠭᠰᠠᠨ ᠪᠤᠯᠪᠠᠴᠤ ᠤᠯᠠᠨ ᠨᠡᠶᠢᠲᠡ ᠶᠢᠨ ᠶᠤᠰᠤ ᠲᠥᠷᠢᠮ ᠭᠡᠭᠴᠢ ᠨᠠᠷᠢᠨ ᠲᠤᠲᠤᠷᠬᠠᠢ | ᠪᠦᠭᠡᠳ ᠬᠦᠮᠦᠨ ᠠᠷᠠᠳ ᠤᠨ ᠰᠠᠨᠠᠭ᠎ᠠ ᠰᠡᠳᠬᠢᠯ ᠭᠡᠳ ᠠᠰᠪᠤᠷ ᠴᠠᠶᠢᠯᠭᠠᠨ ᠢᠶᠠᠷ ᠢᠶᠠᠨ ᠪᠠᠶᠢᠭᠰᠠᠨ ᠨᠢ ᠭᠠᠶᠢᠬᠠᠯᠲᠠᠢ | ᠶᠤᠮ᠃ | ᠥᠨᠥᠬᠢ ᠵᠠᠯᠠᠭᠤ ᠡᠪᠦᠭᠡ ᠶᠢ ᠳᠠᠭᠠᠭᠤᠯᠤᠨ ᠬᠦᠮᠦᠷᠭᠡ ᠶᠢᠨ ᠨᠡᠶᠢᠲᠡ ᠶᠢᠨ ᠬᠤᠭᠤᠯᠠᠨ ᠭᠡᠷ ᠤᠨ ᠪᠠᠷᠠᠭᠤᠨ | ᠵᠠᠬ᠎ᠠ ᠶᠢᠨ ᠨᠢᠭᠡ ᠵᠢᠵᠢᠭ ᠲᠠᠰᠣᠯᠭ᠎ᠠ ᠳᠤ ᠤᠷᠤᠵᠤ ᠤᠴᠢᠬᠤ ᠳᠤ ᠥᠨᠥᠬᠢ ︽ᠲᠠᠨᠤᠰ ᠬᠡᠯᠡᠭᠰᠡᠨ ᠦᠭᠡᠨ ᠳᠤ ᠪᠠᠨ | ᠰᠠᠭᠤᠵᠤ ᠶᠠᠪᠤ ᠳ᠋ᠡ᠂ ᠦᠭᠡᠢ ᠪᠣᠯ ᠶᠡᠬᠡᠲᠡᠯᠡ ᠬᠦᠮᠦᠷᠭᠡ ᠶᠢᠨ ᠨᠢᠭᠤᠷ ᠢ ᠭᠡᠭᠡᠬᠦ ᠶᠤᠮ︾ ᠭᠡᠵᠦ ᠬᠡᠯᠡᠵᠦ ᠪᠠᠶᠢᠭᠰᠠᠨ | ᠰᠢᠷ᠎ᠠ ᠳᠠᠷᠤᠭ᠎ᠠ ᠤᠷᠢᠳ ᠢᠶᠠᠷ ᠢᠷᠡᠴᠢᠭᠡᠭᠡᠳ ᠰᠠᠭᠤᠵᠣ ᠪᠠᠶᠢᠯ᠎ᠠ᠃ ᠰᠢᠷ᠎ᠠ ᠳᠠᠷᠤᠭ᠎ᠠ ᠡᠪᠦᠭᠡ ᠶᠢ ᠬᠠᠵᠠᠭᠤ ᠳᠤ ᠪᠠᠨ | ᠠᠪᠤᠨ ᠰᠠᠭᠤᠯᠭᠠᠵᠤ ᠵᠠᠯᠠᠭᠤ ᠶᠢ ᠡᠰᠡᠷᠭᠦ ᠲᠠᠯ᠎ᠠ ᠳᠤ ᠪᠠᠨ ᠰᠠᠭᠤ ᠭᠡᠵᠦ ᠭᠠᠷ ᠲᠣᠬᠢᠵᠠᠢ᠃ ᠵᠠᠯᠠᠭᠤ ᠰᠠᠭᠤᠭᠰᠠᠨ | ᠦᠭᠡᠢ ᠪᠡᠶ᠎ᠡ ᠡᠷᠭᠢᠨ ᠲᠡᠮᠦᠷ ᠵᠤᠤᠬᠠᠨ ᠲᠡᠭᠡᠷᠡᠬᠢ ᠬᠠᠷ᠎ᠠ ᠯᠠᠵᠠᠨ ᠳᠡᠪᠦᠷ᠎ᠡ ᠶᠢ ᠠᠪᠴᠤ ᠰᠢᠷ᠎ᠠ ᠳᠠᠷᠤᠭ᠎ᠠ ᠶᠢᠨ ᠬᠠᠷ᠎ᠠ | ᠴᠠᠢ ᠪᠦᠷᠢᠭᠡᠳ ᠪᠠᠶᠢᠭᠰᠠᠨ ᠴᠣᠮᠣ ᠳᠤ ᠤᠰᠤ ᠨᠡᠮᠡᠨ ᠥᠭᠴᠦ ᠲᠠᠬᠢᠨ ᠡᠪᠦᠭᠡ ᠳᠤ ᠰᠢᠨ᠎ᠡ ᠴᠠᠢ ᠪᠦᠷᠢᠵᠦ ᠥᠭᠭᠦᠭᠡᠳ | ᠭᠠᠷᠴᠤ ᠶᠠᠪᠤᠪᠠ᠃ | ᠰᠢᠷ᠎ᠠ ᠳᠠᠷᠤᠭ᠎ᠠ ᠠᠮᠠ ᠨᠡᠬᠡᠭᠡᠵᠦ ︽ᠡᠪᠦᠭᠡᠨ ᠠᠬ᠎ᠠ ᠶᠢ ᠦᠨᠡᠬᠡᠷ ᠪᠢᠰᠢᠷᠡᠯ᠎ᠡ᠃ ᠶᠤᠰᠤᠳᠠᠢ ᠡᠷ᠎ᠡ ᠬᠦᠮᠦᠨ ᠤ | ᠰᠦᠷ ᠭᠡᠷᠡᠯ ᠴᠢᠳᠠᠯ ᠳᠤᠷᠪᠢ ᠶᠢ ᠲᠡᠭᠰᠢ ᠰᠠᠶᠢᠬᠠᠨ ᠠᠪᠴᠤ ᠲᠦᠷᠦᠭᠰᠡᠨ ᠬᠦᠮᠦᠨ ᠪᠠᠶᠢᠨ᠎ᠠ ᠳ᠋ᠡ︾ ᠭᠡᠭᠰᠡᠭᠡᠷ ᠪᠡᠶ᠎ᠡ | ᠦᠨᠳᠡᠶᠢᠨ ᠪᠤᠰᠴᠤ ᠰᠠᠶ᠋ᠢᠬᠠᠨ ᠬᠤᠶᠠᠷ ᠠᠮᠠ ᠤᠭᠤᠴᠢᠭᠰᠠᠨ ᠴᠤᠮᠤ ᠲᠠᠢ ᠴᠠᠢ ᠲᠡᠭᠡᠷ᠎ᠡ ᠨᠢ ᠬᠠᠯᠠᠭᠤᠨ ᠤᠰᠤ ᠨᠡᠮᠡᠵᠦ | ᠥᠭᠪᠡ᠃ ᠡᠪᠦᠭᠡ ︽ᠶᠠᠭᠤ ᠯᠡ ᠪᠠᠶᠢᠬᠤ ᠳ᠋ᠡ᠂ ᠮᠠᠨ ᠤ ᠬᠦᠳᠡᠭᠡ ᠶᠢᠨ ᠤᠯᠤᠰ ᠭᠡᠵᠦ ᠲᠠᠷᠢᠶ᠎ᠠ ᠪᠠᠨ ᠲᠠᠷᠢᠵᠤ | ᠮᠠᠯ ᠢᠶᠠᠨ ᠮᠠᠯᠵᠢᠵᠤ ᠶᠠᠪᠤᠭᠰᠠᠨ ᠡᠭᠡᠯ ᠵᠢᠷ ᠤᠨ ᠬᠦᠮᠦᠰ ᠰᠢᠦ ᠳ᠋ᠡ᠂ ᠪᠣᠯᠳᠠᠭ ᠪᠣᠯ ᠬᠡᠵᠢᠶ᠎ᠡ ᠬᠠᠮᠢᠭ᠎ᠠ ᠭᠡᠰᠡᠨ ᠦᠭᠡᠢ | ᠬᠡᠨ ᠨᠢᠭᠡᠨ ᠳᠤ ᠪᠠᠨ ᠲᠤᠰᠠ ᠳᠡᠮ ᠪᠣᠯᠤᠭᠠᠳ ᠥᠭᠳᠡᠭ ᠯᠡ ᠶᠤᠮ︾ ᠭᠡᠵᠦ ᠡᠷᠡᠭᠡ ᠵᠢᠷᠤᠭ᠎ᠠ ᠲᠠᠢ ᠬᠡᠳᠦᠨ | ᠦᠭᠡ ᠪᠠᠨ ᠡ᠊ᠨᠳᠡ ᠲᠡᠨᠳᠡ ᠠᠴᠠ ᠲᠡᠭᠦᠵᠦ ᠲᠤᠭᠰᠢᠨ ᠬᠡᠯᠡᠵᠦ ᠪᠠᠷᠠᠲᠠᠯ᠎ᠠ ᠰᠢᠷ᠎ᠠ ᠳᠠᠷᠤᠭ᠎ᠠ ᠪᠠᠰᠠ ᠦᠭᠡ ᠵᠠᠯᠭᠠᠵᠠᠢ᠃ | | ᠡᠪᠦᠭᠡᠨ ᠠᠬ᠎ᠠ ᠭᠡᠵᠦ ᠦᠨᠡᠬᠡᠷ ᠬᠤᠪᠤᠷᠬᠠᠨ ᠬᠠᠷᠭᠤᠳᠠᠭ ᠠᠪᠤᠷᠭᠤ ᠬᠦᠮᠦᠨ ᠪᠠᠶᠢᠨ᠎ᠠ᠃ ᠲᠡᠭᠡᠭᠡᠳ ᠦᠷᠦᠭᠡᠯ | ᠪᠤᠰᠣᠳ ᠲᠤ ᠬᠤᠶᠢᠰᠢ ᠦᠭᠡᠢ ᠦᠨᠡᠨᠴᠢ ᠴᠠᠶᠢᠯᠭᠠᠨ ᠵᠠᠩ ᠲᠠᠢ ᠮᠠᠨ ᠤ ᠮᠣᠩᠭᠤᠯ ᠬᠦᠮᠦᠨ ᠤ ᠨᠢᠭᠡ ᠪᠤᠢ᠃ ᠪᠤᠰᠤᠳ | ᠠᠶᠢᠯ ᠭᠠᠴᠠᠭᠠᠨ ᠤ ᠬᠢᠨ ᠠᠯᠪᠠᠨ ᠠᠮᠤ ᠬᠦᠷᠭᠡᠵᠦ ᠢᠷᠡᠳᠡᠭ ᠤᠯᠠᠨ ᠤᠯᠠᠨ ᠬᠦᠮᠦᠰ ᠤᠨ ᠲᠤᠲᠤᠷ᠎ᠠ ᠴᠢᠮ᠎ᠠ ᠰᠢᠬ | ᠡᠶᠢᠮᠦᠷᠬᠦᠦ ᠮᠠᠨ ᠤ ᠠᠵᠢᠯᠴᠢᠳ ᠲᠤ ᠬᠠᠪᠰᠣᠷᠤᠭᠠ ᠪᠤᠯᠣᠭᠰᠠᠨ ᠬᠦᠮᠦᠨ ᠢ ᠶᠡᠷᠦ ᠤᠯᠵᠣ ᠦᠵᠡᠭᠡ ᠦᠭᠡᠢ ᠶᠤᠮ᠃ | ᠥᠨᠥᠳᠦᠷ ᠡᠪᠦᠭᠡᠨ ᠠᠬ᠎ᠠ ᠲᠠᠢ ᠲᠠᠨᠢᠯᠴᠠᠬᠤ ᠶᠢᠨ ᠬᠠᠮᠳᠣ ᠶᠠᠳᠠᠷᠠᠭ᠎ᠠ ᠶᠢ ᠴᠢᠨᠢ ᠲᠠᠶᠢᠯᠵᠤ ᠬᠤᠶᠠᠷ ᠬᠤᠨᠳᠠᠭ᠎ᠠ | ᠤᠤᠭᠤᠬᠤ ᠶᠢ ᠪᠤᠳᠤᠭᠰᠠᠨ ᠭᠡᠵᠦ ᠬᠡᠯᠡᠵᠦ ᠵᠠᠪᠲᠣᠲᠠᠯᠠ ᠥᠨᠥᠬᠢ ᠵᠠᠯᠠᠭᠤ ᠨᠢᠭᠡ ᠪᠦᠳᠦᠭᠦᠨ ᠠᠶᠠᠭ᠎ᠠ ᠬᠤᠨᠢᠨ | ᠮᠢᠬ᠎ᠠ ᠲᠠᠢ ᠬᠠᠯᠠᠭᠤᠨ ᠱᠦᠯᠥ ᠠᠪᠴᠤ ᠤᠷᠤᠵᠤ ᠢᠷᠡᠭᠰᠡᠨ ᠪᠠ ᠬᠤᠶᠠᠷ ᠪᠦᠰᠡᠭᠦᠢ ᠨᠢᠭᠡ ᠨᠢ ᠬᠤᠶᠠᠷ ᠫᠢᠯᠡ | ᠬᠠᠭᠤᠷᠤᠯᠭ᠎ᠠ ᠪᠠᠷᠢᠵᠤ ᠨᠦᠭᠦᠭᠡ ᠨᠢ ᠠᠯᠠᠭ ᠰᠣᠳᠠᠰᠣ ᠲᠠᠢ ᠱᠠᠭᠠᠵᠠᠩ ᠬᠤᠪᠢᠩ ᠳᠤ ᠬᠠᠯᠠᠭᠤᠯᠤᠭᠰᠠᠨ ᠬᠠᠷ᠎ᠠ ᠠᠷᠢᠬᠢ | ᠪᠠᠷᠢᠵᠤ ᠢᠷᠡᠭᠡᠳ ᠰᠢᠷ᠎ᠠ ᠳᠠᠷᠤᠭ᠎ᠠ ᠪᠣᠯᠤᠨ ᠡᠪᠦᠭᠡ ᠶᠢᠨ ᠡᠮᠦᠨ᠎ᠡ ᠬᠤᠨᠳᠠᠭᠠᠯᠠᠨ ᠲᠡᠯᠪᠢᠪᠡ᠃ ᠵᠠᠯᠠᠭᠤ ᠨᠢ ᠠᠷᠢᠬᠢ | ᠤᠤᠭᠤᠵᠤ ᠰᠣᠷᠣᠭᠠᠳᠣᠢ ᠪᠠᠶᠢᠭᠰᠠᠭᠠᠷ ᠭᠡᠳ ᠤᠤᠭᠤᠭᠰᠠᠨ ᠦᠭᠡᠢ ᠤᠰᠤ ᠴᠠᠢ ᠨᠡᠮᠡᠵᠦ ᠰᠠᠭᠤᠵᠠᠢ᠃ | ᠠᠷᠢᠬᠢ ᠡᠷᠭᠢᠵᠦ ᠡᠬᠢᠯᠡᠬᠦ ᠪᠠᠷ ᠯᠡ ᠰᠢᠷᠡᠭᠡ ᠬᠦᠭᠵᠢᠶᠡᠨ ᠲᠠᠢ ᠪᠣᠯᠵᠤ ᠭᠠᠷᠤᠨ᠎ᠠ᠃ ᠡᠪᠦᠭᠡ ᠮᠠᠨᠢ | ᠵᠠᠯᠠᠭᠤ ᠳᠤ ᠪᠠᠨ ᠠᠷᠢᠬᠢ ᠶᠡᠭᠡ ᠤᠤᠭᠤᠳᠠᠭ ᠪᠦᠭᠡᠳ ᠰᠠᠶᠢᠨ ᠤᠤᠭᠤᠳᠠᠭ ᠪᠠᠶᠢᠵᠠᠢ᠃ ᠭᠡᠪᠡᠴᠦ ᠨᠢᠭᠡ ᠤᠳᠠᠭᠠᠨ ᠤ | ᠶᠠᠪᠤᠳᠠᠯ ᠠᠴᠠ ᠪᠣᠯᠵᠤ ᠨᠢᠭᠡ ᠨᠠᠰᠣᠨ ᠳᠤ ᠪᠠᠨ ᠠᠷᠢᠬᠢᠨ ᠳᠤ ᠤᠷᠤᠭᠤᠯ ᠬᠦᠷᠭᠡᠯ ᠦᠭᠡᠢ ᠶᠠᠪᠤᠭᠰᠠᠭᠠᠷ ᠪᠢᠯᠡ᠃ | ᠡᠪᠦᠭᠡ ᠶᠢ ᠪᠠᠭ᠎ᠠ ᠪᠠᠶᠢᠬᠤ ᠳᠤ ᠨᠢ ᠡᠴᠢᠭᠡ ᠨᠢ ︽ᠤᠯᠠᠭᠠᠨ ᠮᠠᠯᠠᠭᠠᠶᠢᠲᠠᠨ ᠤ ᠦᠢᠮᠡᠭᠡᠨ︾ ᠠᠴᠠ ᠵᠠᠶᠢᠯᠠᠨ ᠠᠶᠢᠯ | ᠭᠡᠷ ᠢᠶᠠᠨ ᠠᠪᠴᠤ ᠣᠳᠣ ᠶᠢᠨ ᠡᠨᠡ ᠨᠤᠲᠤᠭ ᠲᠤ ᠤᠷᠤᠩᠨᠠᠵᠤ ᠢᠷᠡᠭᠰᠡᠨ ᠪᠤᠯᠪᠠᠴᠤ ᠪᠠᠶᠠᠨ ᠴᠠᠳᠬᠤᠯᠠᠩ ᠤᠰᠤ | ᠨᠤᠲᠤᠭ ᠠᠵᠤ ᠠᠮᠢᠲᠤᠷᠠᠯ ᠢᠶᠠᠨ ᠠᠯᠳᠠᠭᠠᠳ ᠡᠳᠦᠷᠵᠢᠨ ᠰᠦᠨᠢᠵᠢᠨ ᠰᠠᠨᠠᠭ᠎ᠠ ᠰᠢᠨᠡᠯᠵᠦ ᠰᠠᠳᠬᠢᠯ ᠢᠶᠠᠷ ᠢᠶᠠᠨ | ᠤᠨᠠᠳᠠᠭ ᠪᠣᠯᠵᠤ ᠠᠷᠢᠬᠢᠨ ᠳᠤ ᠶᠡᠭᠡ ᠤᠷᠤᠭᠰᠠᠨ ᠪᠠ ᠵᠠᠩ ᠠᠭᠠᠰᠢ ᠨᠢ ᠴᠤ ᠡᠲᠡᠭᠡᠳ ᠲᠤᠭᠰᠢᠨ ᠪᠤᠯᠵᠠᠢ᠃ ᠵᠠᠷᠢᠮ | ᠦᠶᠡᠰ ᠠᠷᠢᠬᠢ ᠪᠠᠨ ᠪᠠᠭ᠎ᠠ ᠬᠡᠳᠦᠷᠡᠪᠡᠯ ᠰᠡᠳᠬᠢᠯ ᠤᠨ ᠪᠤᠬᠢᠨᠢᠳᠦᠯ ᠢᠶᠠᠨ ᠬᠠᠰᠢᠵᠤ ᠲᠡᠶᠢᠯᠬᠦ ᠦᠭᠡᠢ ᠴᠢᠨᠠᠭᠰᠢᠲᠠ | ᠬᠠᠷᠢᠨ ᠶᠠᠮᠠᠷ ᠴᠤ ᠰᠢᠯᠲᠠᠭ ᠪᠢᠰᠢ ᠶᠠᠭᠤᠮ᠎ᠠ ᠶᠢ ᠰᠢᠯᠲᠠᠭ ᠪᠤᠯᠭᠠᠨ ᠡᠪᠦᠭᠡ ᠡᠮᠡᠭᠡ ᠬᠤᠶᠠᠭᠤᠯᠠ ᠶᠢ ᠶᠠᠯᠠᠳᠠᠨ | ᠵᠤᠪᠠᠭᠠᠳᠠᠭ᠃ | ᠨᠢᠭᠡ ᠡᠳᠦᠷ ᠤᠨ ᠦᠳᠡᠰᠢ ᠠᠷᠢᠬᠢ ᠪᠠᠨ ᠪᠠᠰᠠ ᠪᠠᠭ᠎ᠠ ᠬᠡᠳᠦᠷᠡᠭᠰᠡᠨ ᠬᠤᠶᠢᠨ᠎ᠠ ᠡᠪᠦᠭᠡ ᠡᠮᠡᠭᠡ ᠬᠤᠶᠠᠷ ᠤᠨ | ᠲᠤᠯᠤᠭᠠᠢ ᠲᠡᠭᠡᠷ᠎ᠡ ᠲᠦᠭᠦᠷᠡᠩ ᠤᠰᠤ ᠲᠠᠢ ᠪᠦᠳᠦᠭᠦᠨ ᠠᠶᠠᠭ᠎ᠠ ᠲᠠᠯᠪᠢᠵᠤ ᠰᠢᠷᠡᠭᠡᠨ ᠡᠮᠦᠨ᠎ᠡ ᠪᠠᠨ ᠰᠦᠭᠦᠳᠭᠡᠭᠡᠳ | ᠦᠪᠡᠷᠳᠡᠭᠡᠨ ᠠᠷᠢᠬᠢ ᠪᠠᠨ ᠰᠢᠮᠠᠵᠦ ᠰᠠᠭᠤᠪᠠ᠃ ᠭᠡᠨᠡᠳᠲᠡ ᠡᠪᠦᠭᠡ ᠶᠢ ᠳᠠᠭᠤᠳᠠᠵᠣ ᠪᠤᠰᠠᠬᠠᠭᠠᠳ ᠬᠠᠨᠢ ᠪᠣᠯᠵᠤ | ᠠᠷᠢᠬᠢ ᠤᠤᠭᠤ ᠭᠡᠵᠦ ᠵᠠᠩᠨᠠᠵᠠᠢ᠃ ᠡᠪᠦᠭᠡ ᠤᠤᠭᠤᠬᠤ ᠦᠭᠡᠢ ᠪᠣᠯᠬᠤᠷ ᠮᠣᠷᠢᠨ ᠲᠠᠰᠢᠭᠤᠷ ᠠᠪᠴᠢᠷᠠᠨ ᠭᠤᠶᠠᠳᠠᠵᠤ | ᠡᠬᠢᠯᠡᠪᠡ᠃ ᠭᠤᠶᠠᠳᠠᠵᠤ ᠮᠤᠬᠤᠭᠰᠠᠨ ᠬᠤᠶᠢᠨ᠎ᠠ ︽ᠪᠢ ᠭᠠᠷ ᠢᠶᠠᠨ ᠬᠦᠰᠢᠲᠡᠯ᠎ᠡ ᠭᠤᠶᠠᠳᠠᠵᠤ ᠪᠠᠶᠢᠲᠠᠯ᠎ᠠ ᠴᠢ ᠬᠠᠷᠢᠨ | ᠨᠢᠭᠡ ᠦᠭᠡ ᠴᠤ ᠬᠠᠷᠢᠭᠤ ᠪᠣᠯᠬᠤ ᠦᠭᠡᠢ ᠨᠠᠳᠠ ᠲᠠᠢ ᠦᠰᠢᠬᠦ ᠳᠤ ᠪᠠᠨ︾ ᠭᠡᠳ ᠲᠠᠭᠤ ᠲᠠᠯᠪᠢᠵᠤ ᠤᠬᠢᠯᠠᠭᠰᠠᠨ | ᠭᠡᠨ᠎ᠡ᠃ ᠲᠡᠭᠡᠭᠡᠳ ᠡᠪᠦᠭᠡ ᠭᠦᠶᠦᠵᠦ ᠪᠤᠰᠤᠭᠠᠳ ᠠᠷᠤ ᠳᠤ ᠨᠢ ᠪᠠᠶᠢᠭᠰᠠᠨ ᠲᠠᠪᠤᠨ ᠵᠢᠩ ᠤᠨ ᠲᠠᠭᠠᠷᠴᠤᠭ ᠲᠠᠢ | ᠬᠠᠷ᠎ᠠ ᠠᠷᠢᠬᠢ ᠶᠢ ᠨᠢ ᠨᠢᠭᠡ ᠯᠡ ᠬᠦᠨᠳᠦᠷᠴᠦ ᠤᠷᠭᠢᠭᠠᠳ ᠬᠤᠶᠠᠷ ᠡᠳᠦᠷ ᠭᠤᠷᠪᠠᠨ ᠰᠦᠨᠢ ᠬᠤᠷᠬᠢᠷᠠᠨ ᠤᠨᠳᠠᠵᠠᠢ᠃ | ᠲᠡᠭᠦᠨ ᠠᠴᠠ ᠬᠤᠶᠢᠰᠢ ᠡᠪᠦᠭᠡ ᠮᠠᠨᠢ ︽ᠡᠨᠡ ᠪᠡᠶ᠎ᠡ ᠳᠤ ᠪᠠᠨ ᠲᠠᠬᠢᠵᠤ ᠠᠷᠢᠬᠢ ᠤᠤᠭᠤᠬᠤ ᠦᠬᠡᠢ︾ ᠭᠡᠵᠦ ᠠᠮᠠᠨ | ᠳᠠᠩᠭᠠᠷᠢᠭ ᠬᠢᠭᠡᠳ ᠥᠨᠡᠬᠡᠷ ᠦᠬᠦᠨ ᠦᠬᠦᠲᠡᠯ᠎ᠡ ᠶᠡᠷᠦ ᠨᠢᠭᠡ ᠬᠤᠨᠳᠠᠭ᠎ᠠ ᠴᠤ ᠠᠷᠢᠬᠢ ᠤᠤᠭᠤᠭᠰᠠᠨ ᠦᠭᠡᠢ ᠪᠢᠯᠡ᠃ | | ᠰᠤᠨᠢᠷᠬᠠᠯᠳᠠᠢ ᠨᠢ ᠭᠡᠪᠡᠯ ᠡᠪᠦᠭᠡ ᠮᠢᠨᠢ ᠰᠢᠷ᠎ᠠ ᠳᠠᠷᠤᠭ᠎ᠠ ᠶᠢᠨ ᠰᠢᠷᠡᠭᠡᠨ ᠳᠡᠭᠡᠷ᠎ᠡ ᠨᠢᠭᠡ ᠬᠤᠪᠢᠩ ᠤᠤᠭᠤᠵᠠᠢ᠃ | ᠰᠢᠷ᠎ᠠ ᠳᠠᠷᠤᠭ᠎ᠠ ᠪᠠᠰᠠ ᠨᠢᠭᠡ ᠬᠤᠪᠢᠩ ᠤᠤᠭᠤᠭᠠᠳ ᠴᠠᠭᠠᠰᠢ ᠤᠤᠭᠤᠬᠤ ᠠᠷᠢᠬᠢ ᠦᠭᠡᠢ ᠪᠤᠯᠵᠠᠢ᠃ ᠶᠠᠭᠤ ᠭᠡᠪᠡᠯ | ᠲᠤᠬᠠᠢ ᠶᠢᠨ ᠦᠶᠡᠰ ᠠᠮᠤ ᠲᠠᠷᠢᠶ᠎ᠠ ᠬᠤᠷᠢᠶᠠᠯᠳᠠ ᠲᠤᠤᠷ᠎ᠠ᠂ ᠠᠷᠢᠬᠢ ᠳᠠᠷᠠᠰᠦ ᠨᠡᠷᠡᠵᠦ ᠬᠤᠳᠠᠯᠳᠣᠬᠤ ᠨᠢ ᠴᠦᠬᠡᠨ | ᠪᠠᠶᠢᠪᠠ᠃ ᠲᠡᠶᠢᠮᠦ ᠠᠴᠠ ᠬᠡᠮᠵᠢᠶ᠎ᠡ ᠲᠠᠢ ᠠᠷᠢᠬᠢ ᠪᠠᠨ ᠤᠤᠭᠤᠵᠤ ᠪᠠᠷᠠᠭᠰᠠᠨ ᠤ ᠳᠠᠷᠠᠭ᠎ᠠ ᠰᠢᠷ᠎ᠠ ᠳᠠᠷᠤᠭ᠎ᠠ ᠪᠤᠯᠣᠨ | ᠵᠠᠯᠠᠭᠤ ᠬᠤᠶᠠᠭᠤᠯᠠ ᠨᠢᠭᠡ ᠬᠦᠮᠦᠨ ᠬᠤᠶᠠᠷ ᠮᠠᠨᠲᠠᠦ ᠶᠢ ᠦᠯᠡᠳᠡᠭᠰᠡᠨ ᠵᠠᠭᠤᠰᠢ ᠪᠠ ᠱᠦᠯᠦᠨ ᠳᠤ ᠲᠦᠷᠦᠵᠦ | ᠢᠳᠡᠭᠰᠡᠨ ᠪᠠ ᠡᠪᠦᠭᠡ ᠭᠤᠷᠪᠠ ᠶᠢ ᠢᠳᠡᠵᠡᠢ᠃ ᠰᠢᠷᠡᠭᠡᠨ ᠠᠴᠠ ᠰᠠᠯᠬᠤ ᠦᠶᠡᠰ ᠨᠢᠭᠡ ᠡᠮᠡᠭᠳᠡᠢ ᠲᠣᠭᠤᠭᠠᠴᠢ ᠴᠠᠭᠠᠨ | ᠪᠥᠰ ᠪᠤᠭᠤᠳᠠᠯ ᠲᠠᠢ ᠶᠠᠭᠤᠮ᠎ᠠ ᠠᠪᠴᠤ ᠢᠷᠡᠭᠡᠳ ᠰᠢᠷ᠎ᠠ ᠳᠠᠷᠤᠭ᠎ᠠ ᠳᠤ ᠠᠳᠬᠤᠭᠤᠯᠪᠠ᠃ ᠰᠢᠷ᠎ᠠ ᠳᠠᠷᠤᠭ᠎ᠠ | ᠲᠤᠰᠴᠣ ᠠᠪᠤᠭᠠᠳ ︽ᠵᠠ᠂ ᠡᠪᠦᠭᠡᠨ ᠠᠬ᠎ᠠ ᠳᠤ ᠪᠠᠨ ᠥᠭᠡᠷ᠎ᠡ ᠪᠡᠯᠡᠭ ᠪᠣᠯᠭᠠᠮᠠᠷ ᠤᠯᠢᠭᠳᠠᠢ ᠶᠠᠭᠤᠮ᠎ᠠ ᠪᠠᠶᠢᠭ᠎ᠠ | ᠦᠭᠡᠢ᠂ ᠡᠭᠦᠨ ᠢ ᠵᠠᠮ ᠤᠨ ᠬᠦᠨᠡᠰᠦ ᠪᠤᠯᠭᠠᠭᠠᠷᠠᠢ︾ ᠭᠡᠳ ᠪᠡᠯᠡᠭᠯᠡᠭᠰᠡᠨ ᠪᠠᠶᠢᠪᠠ᠃ | ᠡᠪᠦᠭᠡ ᠮᠠᠷᠭᠠᠰᠢ ᠨᠢ ᠲᠡᠷᠭᠡ ᠪᠠᠨ ᠪᠠᠷᠢᠵᠤ ᠪᠤᠴᠠᠬᠤ ᠵᠠᠮ ᠳᠤ ᠪᠠᠨ ᠰᠢᠷ᠎ᠠ ᠳᠠᠷᠤᠭ᠎ᠠ ᠶᠢᠨ ᠦᠭᠭᠦᠭᠰᠡᠨ | ᠪᠤᠭᠤᠳᠠᠯ ᠢ ᠠᠯᠳᠠᠷᠠᠭᠠᠵᠤ ᠦᠵᠡᠭᠰᠡᠨ ᠳᠤ ᠲᠡᠷᠡ ᠨᠢ ᠴᠠᠭᠠᠨ ᠭᠤᠯᠢᠷ ᠢᠶᠠᠷ ᠬᠢᠭᠰᠡᠨ ᠲᠠᠪᠤᠨ ᠮᠠᠨᠲᠠᠦ ᠪᠠᠶᠢᠵᠠᠢ᠃ | ᠡᠪᠦᠭᠡ ᠥᠨᠥᠬᠢ ᠶᠢ ᠨᠢ ᠠᠮᠠ ᠬᠦᠷᠭᠡᠯ ᠦᠭᠡᠢ ᠬᠠᠯᠠᠭᠤᠨ ᠡᠪᠦᠷ ᠲᠤ ᠪᠠᠨ ᠡᠪᠦᠷᠯᠡᠭᠡᠳ ᠪᠤᠴᠠᠵᠤ ᠢᠷᠡᠭᠰᠡᠨ ᠶᠤᠮ᠃ | ᠬᠤᠵᠢᠮ ᠨᠢ ᠰᠣᠨᠣᠰᠬᠤᠯᠠᠷ ᠰᠢᠷ᠎ᠠ ᠳᠠᠷᠤᠭ᠎ᠠ ᠠᠮᠢᠨ ᠤ ᠮᠦᠩᠭᠦ ᠪᠠᠨ ᠭᠠᠷᠭᠠᠵᠤ ᠡᠪᠦᠭᠡ ᠶᠢ ᠬᠤᠪᠢᠨ ᠤ | ᠬᠡᠶᠢᠴᠢᠨ ᠢᠶᠠᠨ ᠪᠤᠯᠭᠠᠵᠤ ᠵᠤᠴᠢᠯᠠᠭᠰᠠᠨ ᠭᠡᠨ᠎ᠡ᠃ ᠶᠠᠭᠤᠨ ᠳᠤ ᠭᠡᠪᠡᠯ ᠨᠢᠭᠡ ᠳᠤ ᠡᠪᠦᠭᠡ ᠶᠢᠨ ᠠᠵᠢᠯᠴᠢᠳ ᠲᠤ ᠨᠢ | ᠬᠠᠮᠵᠢᠯᠭ᠎ᠠ ᠪᠤᠯᠤᠭᠰᠠᠨ ᠳᠤ ᠰᠡᠳᠬᠢᠯ ᠬᠦᠳᠡᠯᠪᠡ ᠭᠡᠨ᠎ᠡ᠃ ᠬᠤᠶᠠᠷ ᠲᠤ ᠠᠵᠢᠯᠴᠢᠳ ᠤᠨ ᠢᠶᠠᠨ ᠠᠮᠠ ᠠᠯᠳᠠᠭᠰᠠᠨ | ᠤᠴᠢᠷ ᠢ ᠰᠢᠯᠤᠭᠤᠳᠬᠠᠭᠰᠠᠨ ᠶᠤᠮ ᠭᠡᠨ᠎ᠡ᠃ ᠲᠡᠷᠡ ᠤᠳᠠᠭ᠎ᠠ ᠠᠴᠠ ᠬᠤᠶᠢᠰᠢ ᠡᠪᠦᠭᠡ ᠶᠢᠨ ᠮᠢᠨᠢ ᠲᠡᠷᠡ ᠬᠦ ︽ | ᠦᠬᠡᠷ ᠵᠠᠮᠰᠤ︾ ᠭᠡᠬᠦ ᠦᠪᠡᠷ ᠤᠨ ᠤᠳᠬ᠎ᠠ ᠪᠦᠬᠦᠢ ᠬᠠᠴᠢᠨ ᠲᠤᠲᠤᠳᠬᠠᠯ ᠨᠢ ᠤᠯᠠᠮ ᠢᠶᠠᠷ ᠲᠡᠯᠭᠡᠷᠡᠵᠦ | ᠲᠦᠷᠦᠭᠰᠡᠨ ᠨᠣᠳᠤᠭ ᠤᠨ ᠬᠢᠵᠠᠭᠠᠷ ᠳᠠᠪᠠᠵᠤ ᠡᠷᠭᠢᠨ ᠲᠤᠭᠤᠷᠢᠨ ᠬᠤᠰᠢᠭᠤ ᠳᠠᠶᠠᠭᠠᠷ ᠨᠡᠶᠢᠳᠡᠮ ᠲᠠᠷᠬᠠᠵᠤ ᠶᠤᠮ | ᠰᠠᠨ᠃ | ᠶᠠᠭᠤᠨ ᠳᠤ ᠭᠡᠪᠡᠯ ᠨᠢᠭᠡ ᠳᠤ ᠡᠪᠦᠭᠡ ᠶᠢᠨ ᠠᠵᠢᠯᠴᠢᠳ ᠲᠤ ᠨᠢ ᠬᠠᠮᠵᠢᠯᠭ᠎ᠠ ᠪᠤᠯᠤᠭᠰᠠᠨ ᠳᠤ ᠰᠡᠳᠬᠢᠯ ᠬᠦᠳᠡᠯᠪᠡ | ᠭᠡᠨ᠎ᠡ᠃ ᠬᠤᠶᠠᠷ ᠲᠤ ᠠᠵᠢᠯᠴᠢᠳ ᠤᠨ ᠢᠶᠠᠨ ᠠᠮᠠ ᠠᠯᠳᠠᠭᠰᠠᠨ ᠤᠴᠢᠷ ᠢ ᠰᠢᠯᠤᠭᠤᠳᠬᠠᠭᠰᠠᠨ ᠶᠤᠮ ᠭᠡᠨ᠎ᠡ᠃ | ᠲᠡᠷᠡ ᠤᠳᠠᠭ᠎ᠠ ᠠᠴᠠ ᠬᠤᠶᠢᠰᠢ ᠡᠪᠦᠭᠡ ᠶᠢᠨ ᠮᠢᠨᠢ ᠲᠡᠷᠡ ᠬᠦ ︽ᠦᠬᠡᠷ ᠵᠠᠮᠰᠤ︾ ᠭᠡᠬᠦ ᠦᠪᠡᠷ ᠤᠨ ᠤᠳᠬ᠎ᠠ | ᠪᠦᠬᠦᠢ ᠬᠠᠴᠢᠨ ᠲᠤᠲᠤᠳᠬᠠᠯ ᠨᠢ ᠤᠯᠠᠮ ᠢᠶᠠᠷ ᠲᠡᠯᠭᠡᠷᠡᠵᠦ ᠲᠦᠷᠦᠭᠰᠡᠨ ᠨᠣᠳᠤᠭ ᠤᠨ ᠬᠢᠵᠠᠭᠠᠷ ᠳᠠᠪᠠᠵᠤ ᠡᠷᠭᠢᠨ | ᠲᠤᠭᠤᠷᠢᠨ ᠬᠤᠰᠢᠭᠤ ᠳᠠᠶᠠᠭᠠᠷ ᠨᠡᠶᠢᠳᠡᠮ ᠲᠠᠷᠬᠠᠵᠤ ᠶᠤᠮ ᠰᠠᠨ᠃ | | | | |