ᠮᠣᠩᠭᠤᠯ  ᠬᠠᠭᠠᠨᠳᠤ ᠤᠯᠤᠰ  ᠪᠠᠷᠠᠭᠤᠨᠰᠢ ᠲᠠᠶᠢᠯᠠᠭᠰᠠᠨ  ᠲᠠᠶᠢᠨ ᠤ ᠲᠤᠬᠠᠢ  ︵  ᠬᠤᠶᠠᠷ ︶
ᠨᠡᠶᠢᠲᠡᠯᠡᠭᠰᠡᠨ ᠴᠠᠭ᠄
2020/10/21
13 ᠳ᠋ᠤᠭᠠᠷ ᠵᠠᠭᠤᠨ ᠤ ᠠᠽᠢᠶ᠎ᠠ ᠡᠸᠦ᠋ᠷᠤᠫᠠ ᠬᠤᠶᠠᠷ ᠲᠢᠪ ᠮᠤᠩᠭᠤᠯ ᠤᠨ ᠤᠳᠤᠷᠢᠳᠤᠯᠭ᠎ᠠ ᠪᠠᠷ ᠡᠩᠭᠡ ᠲᠦᠪᠰᠢᠨ ᠪᠤᠯᠵᠤ᠂ ᠮᠦᠩᠭᠡ ᠬᠠᠭᠠᠨ ᠬᠠᠯᠢᠭᠰᠠᠨ ᠤ ᠰᠡᠬᠦᠯᠡᠷ ᠶᠡᠭᠡ ᠨᠢᠭᠡᠳᠭᠡᠭᠰᠡᠨ ᠮᠤᠩᠭᠤᠯ ᠬᠠᠭᠠᠨᠳᠤ ᠤᠯᠤᠰ ᠬᠠᠭᠠᠴᠠᠨ ᠬᠤᠪᠢᠷᠠᠵᠤ᠂ ᠵᠡᠬᠦᠨ ᠡᠸ᠋ᠷᠦ᠋ᠷᠤᠫᠠ ᠳᠤ ᠠᠯᠳᠠᠨ ᠤᠷᠳᠤ ᠳᠤ ᠤᠯᠤᠰ᠂ ᠭᠡᠪᠴᠠᠭ ᠭᠠᠷᠴᠤ᠂ ᠲᠤᠮᠳᠠᠳᠤ ᠠᠽᠢᠶ᠎ᠠ ᠳᠤ ᠦᠭᠡᠳᠠᠢ ᠬᠠᠭᠠᠨᠳᠤ ᠤᠯᠤᠰ᠂ ᠴᠠᠭᠠᠳᠠᠢ ᠬᠠᠭᠠᠨᠳᠤ ᠤᠯᠤᠰ᠂ ᠪᠦᠰᠧ ᠤᠷᠤᠨ ᠳᠤ ᠢᠯᠢ ᠬᠠᠭᠠᠨᠳᠤ ᠤᠯᠤᠰ ᠭᠠᠷᠴᠤ ᠂ ᠡᠨᠡ ᠲᠦᠷᠪᠡᠨ ᠬᠠᠭᠠᠨᠳᠤ ᠤᠯᠤᠰ ᠤᠨ ᠤᠭᠰᠠᠭ᠎ᠠ ᠸᠠᠩ ᠪᠦᠷ ᠮᠤᠩᠭᠤᠯ ᠤᠨ ᠤᠭ ᠨᠤᠳᠤᠭ ᠪᠡ ᠶᠤᠸᠠᠨ ᠤᠯᠤᠰ ᠎ ᠲᠤ ᠬᠠᠷᠢᠶᠠᠯᠠᠭᠳᠠᠨ᠎ᠠ᠃ ᠭᠡᠳᠤᠢ ᠪᠠᠷ ᠪᠠᠶᠢᠨ ᠪᠠᠶᠢᠨ ᠬᠠᠭᠠᠨ ᠢ ᠤᠷᠤ ᠶᠢ ᠪᠤᠯᠢᠶᠠᠯᠴᠠᠬᠤ ᠤᠯᠤᠰ ᠲᠦᠷᠤ ᠶᠢᠨ ᠬᠠᠭᠠᠷᠠᠯ ᠭᠠᠷᠬᠤ ᠪᠤᠯᠪᠠᠴᠤ ᠡᠳ᠋ ᠪᠠᠷᠠᠭᠠᠨ ᠤ ᠲᠠᠯ᠎ᠠ ᠶᠢᠨ ᠬᠠᠩᠭᠠᠯᠳᠠ ᠲᠤᠳᠠᠭᠳᠠᠭᠰᠠᠨ ᠦᠭᠡᠢ᠃ ᠮᠤᠩᠭᠤᠯ ᠤᠨ ᠡᠷᠳᠡᠨ ᠤ ᠲᠦᠷᠢᠮ ᠲᠤᠭᠳᠠᠭᠠᠯ ᠢᠶᠠᠷ ᠠᠯᠢᠪᠠ ᠡᠳ᠋ ᠪᠠᠷᠠᠭ᠎ᠠ ᠪᠤᠯ ᠨᠡᠶᠢᠳᠡ ᠶᠢᠨ ᠬᠦᠷᠤᠩᠭᠡ ᠪᠤᠯᠤᠨ᠎ᠠ᠂ ᠠᠯᠢᠪᠠ ᠠᠯᠳᠠᠨ ᠭᠡᠷ ᠤᠭᠰᠠᠭᠠᠨ ᠤ ᠪᠦᠷᠢᠯᠳᠤᠬᠦᠨ ᠪᠦᠷ ᠬᠠᠭᠠᠨᠳᠤ ᠤᠯᠤᠰ ᠤᠨ ᠬᠦᠷᠤᠩᠭᠡ ᠶᠢ ᠨᠢᠭᠡ ᠬᠤᠪᠢ ᠬᠦᠷᠳᠡᠬᠦ ᠡᠷᠭᠡᠳᠠᠢ᠃ ᠢᠯᠢ ᠬᠠᠭᠠᠨᠳᠤ ᠤᠯᠤᠰ ᠤᠨ ᠶᠡᠷᠤᠩᠭᠡᠶᠢᠯᠡᠭᠴᠢ ᠬᠤᠯᠠᠭᠤ ᠳᠤ ᠠᠬ᠎ᠠ ᠮᠦᠩᠭᠡ ᠬᠤᠪᠢᠯᠠᠢ ᠶᠢᠨ ᠡᠵᠡᠮᠰᠢᠭᠰᠡᠨ 2.5 ᠲᠦᠮᠡᠨ ᠡᠷᠤᠭᠡ᠂ ᠲᠤᠮᠳᠠᠳᠤ ᠤᠯᠤᠰ ᠤᠨ ᠲᠤᠷᠭᠠᠨ ᠨᠡᠭᠡᠮᠡᠯ ᠤᠨ ᠮᠡᠷᠭᠡᠵᠢᠯᠳᠡᠨ ᠢ ᠡᠷᠬᠢᠯᠡᠵᠤ ᠪᠠᠶᠢᠵᠠᠢ᠃ ᠲᠡᠷᠡ ᠪᠠᠰᠠ ᠲᠦᠪᠡᠳ ᠤᠨ ᠠᠭᠤᠯᠠ ᠳᠠᠬᠢ ᠤᠷᠤᠨ ᠢ ᠡᠷᠬᠢᠯᠡᠵᠤ ᠪᠠᠶᠢᠪᠠ᠃ ᠬᠤᠪᠢᠯᠠᠢ ᠠᠨᠤ ᠪᠦᠰᠧ ᠪᠡ ᠢᠷᠠᠺ ᠤᠨ ᠲᠠᠷᠢᠶᠠᠯᠠᠩ ᠤᠨ ᠲᠠᠯᠠᠪᠠᠢ ᠶᠢ ᠡᠷᠬᠢᠯᠡᠵᠤ ᠪᠤᠢ᠂ ᠶᠤᠸᠠᠨ ᠤᠯᠤᠰ ᠠᠴᠠ ᠪᠦᠰᠧ ᠵᠦᠭ ᠱᠠᠵᠠᠩ ᠪᠡ ᠡᠮ ᠢ ᠬᠦᠷᠭᠡᠬᠦ ᠳᠤ ᠪᠦᠰᠧ ᠳᠤ ᠰᠠᠭᠤᠭ᠎ᠠ ᠮᠤᠩᠭᠤᠯ ᠬᠦᠮᠤᠨ ᠲᠤᠮᠳᠠᠳᠤ ᠤᠯᠤᠰ ᠲᠤ ᠰᠠᠭᠤᠭ᠎ᠠ ᠲᠦᠷᠤᠯ ᠰᠠᠳᠤᠨ ᠎ ᠳᠠᠭᠠᠨ ᠦᠨᠤᠷᠳᠤ ᠪᠠᠷᠠᠭ᠎ᠠ᠂ ᠪᠤᠯᠤᠳ ᠲᠡᠮᠦᠷ᠂ ᠪᠤᠯᠤᠷ ᠴᠢᠯᠠᠭᠤ᠂ ᠰᠤᠪᠤᠳ᠂ ᠨᠡᠭᠡᠮᠡᠯ ᠤᠨ ᠪᠠᠷᠠᠭ᠎ᠠ ᠶᠢ ᠪᠡᠯᠡᠭ ᠪᠤᠯᠭᠠᠨ ᠬᠦᠷᠭᠡᠨ᠎ᠡ᠃ ᠡᠨᠡ ᠠᠨᠤ ᠲᠤᠷᠭ᠎ᠠ ᠶᠢᠨ ᠵᠠᠮ ᠳᠤ ᠪᠠᠶᠢᠭ᠎ᠠ ᠡᠯ᠎ᠡ ᠤᠯᠠᠭ᠎ᠠ ᠶᠢᠨ ᠬᠦᠴᠤᠨ ᠪᠤᠯᠬᠤ ᠪᠦᠭᠡᠳ ᠠᠷᠠᠯᠵᠢᠶ᠎ᠠ ᠮᠠᠶᠢᠮᠠᠢ ᠵᠦᠢ ᠵᠤᠬᠢᠰᠳᠠᠢ ᠲᠤᠮᠳᠠ ᠠᠽᠢᠶ᠎ᠠ ᠪᠠᠷ ᠦᠩᠭᠡᠷᠡᠨ ᠮᠤᠩᠭᠤᠯ ᠤᠨ ᠤᠳᠤᠷᠢᠳᠤᠯᠭ᠎ᠠ ᠪᠠᠷ ᠬᠦᠭᠵᠢᠨ ᠪᠠᠳᠠᠷᠠᠨ᠎ᠠ᠃ 3. ᠬᠦᠭᠵᠢᠨ ᠪᠠᠳᠠᠷᠠᠭᠰᠠᠨ ᠲᠤᠷᠭ᠎ᠠ ᠶᠢᠨ ᠵᠠᠮ ᠤᠨ ᠨᠡᠷᠡᠳᠠᠢ ᠬᠤᠳᠠᠮᠤᠩᠭᠤᠯ ᠬᠠᠭᠠᠨᠳᠤ ᠤᠯᠤᠰ ᠤᠨ ᠪᠠᠶᠢᠭᠤᠯᠤᠭᠰᠠᠨ ᠵᠡᠬᠦᠨ ᠪᠠᠷᠠᠭᠤᠨ ᠲᠢᠪ ᠤᠨ ᠬᠤᠭᠤᠷᠤᠨᠳᠤ ᠶᠢᠨ ᠬᠠᠷᠰᠢᠯᠠᠭ᠎ᠠ ᠶᠢ ᠠᠷᠢᠯᠭᠠᠵᠤ᠂ ᠠᠷᠠᠪ ᠬᠠᠭᠠᠨᠳᠤ ᠤᠯᠤᠰ ᠲᠤᠮᠳᠠᠳᠤ ᠤᠯᠤᠰ ᠲᠠᠩ ᠬᠠᠭᠠᠨᠳᠤ ᠲᠦᠷᠤ ᠭᠡᠳᠤᠨ ᠵᠠᠭᠤᠨ ᠤᠨ ᠤ ᠪᠠᠶᠢᠨ ᠪᠠᠶᠢᠨ ᠲᠠᠰᠤᠷᠠᠭ᠎ᠠ ᠵᠡᠬᠦᠨ ᠪᠠᠷᠠᠭᠤᠨ ᠤᠷᠤᠨ ᠤ ᠵᠠᠮ ᠨᠡᠪᠳᠡᠷᠡᠯᠭᠡ ᠶᠢ ᠬᠠᠷᠰᠢ ᠦᠭᠡᠢ ᠰᠢᠭᠤᠳ ᠨᠡᠪᠳᠡᠷᠡᠬᠦᠯᠪᠡ᠃ ︽ᠲᠤᠷᠭ᠎ᠠ ᠲᠤᠷᠳᠤᠩ ᠤᠨ ᠵᠠᠮ︾ ᠬᠤᠶᠢᠨ᠎ᠠ ᠡᠮᠤᠨ᠎ᠡ ᠤᠷᠤᠰ ᠲᠤ ᠬᠦᠷᠴᠤ᠂ ᠡᠮᠤᠨᠡᠰᠢ ᠪᠦᠰᠧ ᠳᠤ ᠬᠦᠷᠴᠤ᠂ ᠡᠬᠦᠨ ᠤ ᠲᠤᠳᠤᠷ᠎ᠠ ᠨᠢᠭᠡ ᠲᠤᠮᠳᠠ ᠠᠽᠢᠶ᠎ᠠ ᠶᠢ ᠲᠠᠭᠠᠨ ᠲᠡᠭᠷᠢ ᠠᠭᠤᠯᠠ ᠶᠢᠨ ᠬᠤᠶᠢᠳᠤ ᠬᠤᠷᠮᠤᠢ ᠠᠴᠠ ᠬᠠᠷ᠎ᠠ ᠬᠤᠷᠤᠮ ᠬᠦᠷᠴᠤ᠂ ᠲᠠᠬᠢᠨ ᠶᠡᠭᠡ ᠨᠡᠶᠢᠰᠯᠡᠯ ︵ᠡᠳᠤᠭᠡ ᠶᠢᠨ ᠪᠡᠭᠡᠵᠢᠩ ᠬᠤᠳᠠ︶ ᠬᠦᠷᠳᠡᠯ᠎ᠡ ᠨᠡᠪᠳᠡᠷᠡᠵᠤ᠂ ᠨᠦᠬᠦᠭᠡ ᠨᠢᠭᠡ ᠵᠠᠮ ᠨᠢ ᠰᠢᠪᠧᠷᠢᠶ᠎ᠠ ᠶᠢᠨ ᠡᠮᠤᠨ᠎ᠡ ᠪᠦᠯᠦᠭ ᠠᠴᠠ ᠰᠢᠷᠢᠶᠠ ᠦᠨᠳᠦᠷᠯᠢᠭ ᠤᠨ ᠬᠤᠶᠢᠳᠤ ᠬᠦᠳᠤᠯ ᠎ ᠢᠶᠠᠷ ᠰᠢᠭᠤᠳ ᠬᠠᠷ᠎ᠠ ᠬᠤᠷᠤᠮ ᠪᠡᠭᠡᠵᠢᠩ ᠳᠤ ᠨᠡᠪᠳᠡᠷᠡᠵᠤ᠂ ᠡᠬᠦᠨ ᠤ ᠲᠤᠳᠤᠷ᠎ᠠ ᠪᠠᠨ ᠵᠦᠡᠭ ᠶᠤᠸᠠᠨ ᠢ ᠦᠩᠭᠡᠷᠡᠭᠡᠵᠤ ᠬᠠᠳᠤᠨ ᠭᠤᠤᠯ ᠤᠨ ᠪᠠᠷᠠᠭᠤᠨ ᠬᠠᠪᠴᠢᠯ ᠢᠶᠠᠷ ᠰᠢᠭᠤᠳ ᠲᠤᠮᠳᠠ ᠠᠽᠢᠶ᠎ᠠ ᠶᠢᠨ ᠤᠯᠠᠮᠵᠢᠯᠠᠯᠳᠤ ᠠᠷᠠᠯᠵᠢᠶ᠎ᠠ ᠵᠠᠮ ᠪᠠᠰᠠ ᠨᠡᠪᠳᠡᠷᠡᠪᠡ᠃ ᠠᠷᠠᠯᠵᠢᠶᠠᠨ ᠤ ᠳ᠋ᠤᠶᠢᠽᠢ ᠵᠠᠮᠨᠠᠬᠤ ᠳᠤ ᠭᠡᠷᠡᠭᠯᠡᠬᠦ ᠴᠠᠭ ᠬᠤᠭᠤᠴᠠᠭ᠎ᠠ ᠳᠤ ᠤᠶᠢᠷᠠᠬᠠᠨ ᠪᠤᠯᠤᠭᠰᠠᠨ ᠪᠤᠯᠬᠤᠷ ᠦᠭᠡᠷ ᠲᠡᠷᠭᠡ᠂ ᠮᠤᠷᠢᠨ ᠲᠡᠷᠭᠡ ᠢᠶᠠᠷ ᠪᠠᠯᠢᠮᠢᠶᠠ ᠬᠤᠶᠢᠭ ᠠᠴᠠ ᠪᠡᠭᠡᠵᠢᠩ ᠬᠦᠷᠳᠡᠯ᠎ᠡ 5—6 ᠰᠠᠷ᠎ᠠ ᠶᠢᠨ ᠵᠠᠮᠨᠠᠬᠤ ᠪᠤᠯᠤᠨ᠎ᠠ᠃ ᠲᠤᠮᠳᠠᠳᠤ ᠤᠯᠤᠰ ᠪᠠᠷᠠᠭᠤᠨ ᠤᠷᠤᠨ ᠤ ᠠᠷᠠᠯᠵᠢᠶᠠᠨ ᠤ ᠳ᠋ᠤᠶᠢᠽᠢ ᠭᠤᠤᠯᠳᠠᠭᠤ ᠵᠤᠶᠢᠯ ᠠᠨᠤ ᠲᠤᠮᠳᠠᠳᠤ ᠤᠯᠤᠰ ᠬᠤᠳᠠᠯᠳᠤᠬᠤ ᠪᠠᠷᠠᠭ᠎ᠠ ᠪᠤᠯ ᠲᠤᠷᠭ᠎ᠠ ᠲᠤᠷᠳᠤᠩ᠂ ᠱᠠᠵᠠᠩ ᠎ ᠤᠨ ᠵᠤᠶᠢᠯ᠂ ᠴᠠᠢ᠂ ᠵᠠᠮᠽᠠ᠂ ᠠᠭᠠᠷ᠂ ᠠᠮᠤ ᠪᠤᠳᠠᠭ᠎ᠠ ᠵᠡᠷᠭᠡ ᠪᠤᠯᠤᠨ᠎ᠠ᠃ ︽ᠮᠠᠷᠺᠤ ᠫᠤᠯᠤ ᠶᠢᠨ ᠠᠶᠠᠯᠠᠯ ᠤᠨ ᠲᠡᠮᠳᠡᠭᠯᠡᠯ︾᠎ ᠳᠤ ︽ᠲᠤᠮᠳᠠᠳᠤ ᠤᠯᠤᠰ ᠤᠨ ᠰᠤ᠋ ᠵᠸᠤ ᠭᠠᠵᠠᠷ ᠤᠨ ᠵᠠᠮᠽᠠᠨ ᠤ ᠴᠢᠨᠠᠷ ᠤᠨᠴᠠᠭᠠᠢ ᠰᠠᠶᠢᠨ᠂ ᠭᠠᠳᠠᠭᠠᠳᠤ ᠤᠯᠤᠰ ᠤᠨ ᠠᠷᠠᠯᠵᠢᠶᠠᠴᠢᠨ ᠪᠤᠯᠢᠶᠠᠯᠴᠠᠨ ᠬᠤᠳᠠᠯᠳᠤᠨ ᠠᠪᠴᠤ᠂ ᠲᠡᠯᠡᠭᠡᠢ ᠶᠢᠨ ᠡᠯ᠎ᠡ ᠤᠷᠤᠨ ᠳᠤ ᠬᠤᠳᠠᠯᠳᠤᠨ᠎ᠠ᠂ ᠤᠷᠤᠵᠤ ᠢᠷᠡᠬᠦ ᠡᠳ᠋ ᠪᠠᠷᠠᠭ᠎ᠠ ᠴᠢᠬᠤᠯᠠ ᠨᠢ ᠠᠯᠳᠠ ᠮᠦᠩᠬᠦ᠂ ᠰᠤᠪᠤᠳ ᠬᠠᠰ᠂ ᠵᠠᠭᠠᠨ᠎ᠠ ᠶᠢᠨ ᠰᠤᠶᠤᠭ᠎ᠠ᠂ ᠠᠩᠬᠢᠯᠤᠮ᠎ᠠ ᠦᠨᠦᠷᠳᠤ ᠡᠳ᠋ ᠢᠶᠠᠷ ᠭᠤᠤᠯᠳᠠᠨ᠎ᠠ ᠭᠡᠵᠤ ᠲᠡᠮᠳᠡᠭᠯᠡᠵᠡᠢ᠃︾ ᠵᠡᠬᠦᠨ ᠠᠽᠢᠶ᠎ᠠ ᠶᠢᠨ ᠡᠭᠡ ᠭᠠᠵᠠᠷ ᠤᠨ ᠵᠠᠰᠠᠭ ᠲᠦᠷᠤ ᠶᠢᠨ ᠲᠦᠪ ᠬᠦᠢᠰᠤ ᠡᠷᠳᠡᠨ ᠤ ᠬᠠᠨ ᠲᠠᠩ ᠤᠯᠤᠰ ᠤᠨ ᠭᠤᠸᠠᠨ ᠵᠦᠡᠭ ᠤᠷᠤᠨ ᠠᠴᠠ ᠹᠠ ᠪᠧᠢ ᠵᠢᠴᠢ ᠮᠤᠩᠭᠤᠯ ᠤᠨ ᠦᠨᠳᠦᠷᠯᠢᠭ ᠲᠤ ᠰᠢᠯᠵᠢᠭᠰᠡᠨ ᠨᠢ ᠲᠤᠷᠭᠠᠨ ᠵᠠᠮ ᠤᠨ ᠡᠴᠤᠰ ᠤᠨ ᠭᠠᠵᠠᠷ ᠪᠠᠰᠠ ᠴᠠᠩ ᠠᠨ ᠠᠴᠠ ᠳ᠋ᠠᠳᠤ ︵ᠪᠡᠭᠡᠵᠢᠩ︶ ᠬᠤᠳᠠ ᠳᠤ ᠰᠢᠯᠵᠢᠨ ᠢᠷᠡᠵᠤ᠂ ᠡᠨᠡ ᠮᠠᠷᠺᠤ ᠫᠤᠯᠤ ᠶᠢᠨ ᠲᠡᠮᠳᠡᠭᠯᠡᠭᠰᠡᠨ ︽ᠬᠠᠨ ᠪᠠᠷᠢ︾ ᠭᠡᠰᠡᠨ ᠬᠤᠳᠠᠨ ︵ᠪᠡᠭᠡᠵᠢᠩ︶ ᠶᠤᠸᠠᠨ ᠤᠯᠤᠰ ᠨᠡᠶᠢᠰᠯᠡᠯ ᠠᠴᠠ ᠭᠠᠳᠠᠨ᠎ᠠ ᠨᠡᠩ ᠴᠢᠬᠤᠯᠠ ᠠᠷᠠᠯᠵᠢᠶᠠᠨ ᠤ ᠶᠡᠭᠡ ᠬᠤᠳᠠ ᠪᠤᠯᠤᠨ᠎ᠠ᠃ ᠮᠠᠷᠺᠤ ᠫᠤᠯᠤ ᠶᠤᠸᠠᠨ ᠤᠯᠤᠰ ᠤᠨ ᠵᠠᠰᠠᠭ ᠲᠦᠷᠤ ᠶᠢ ᠪᠠᠷᠠᠭᠤᠨ ᠵᠦᠭ ᠤᠨ ᠠᠷᠠᠯᠵᠢᠶ᠎ᠠ ᠶᠢᠨ ᠳ᠋ᠤᠶᠢᠽᠢ ᠲᠠᠢ ᠠᠷᠠᠯᠵᠢᠶ᠎ᠠ ᠮᠠᠶᠢᠮᠠᠢ ᠬᠢᠬᠦ ᠦᠩᠭᠡᠷᠡᠯᠳᠡ ᠶᠢ ︽ᠲᠤᠮᠤ ᠶᠡᠭᠡ ᠲᠡᠮᠡᠭᠡᠨ ᠤ ᠪᠦᠯᠬᠦᠮ ᠤᠨ ᠠᠷᠠᠯᠵᠢᠶᠠᠨ ᠤ ᠳ᠋ᠤᠶᠢᠽᠢ ᠡᠯᠳᠡᠪ ᠡᠳ᠋ ᠪᠠᠷᠠᠭ᠎ᠠ ᠶᠢ ᠠᠴᠢᠵᠤ ᠲᠡᠭᠡᠭᠡᠪᠤᠷᠢᠯᠡᠨ ︵ᠤᠯᠠᠩᠬᠢ ᠨᠢ ᠰᠤᠪᠤᠳ᠂ ᠪᠤᠯᠤᠷ ᠴᠢᠯᠠᠭᠤ᠂ ᠠᠯᠳᠠ ᠮᠦᠩᠬᠦ᠂ ᠲᠤᠷᠭ᠎ᠠ ᠶᠢᠨ ᠨᠡᠭᠡᠮᠡᠯ︶ ᠬᠠᠨ ᠪᠠᠷᠢ ᠳᠤ ᠬᠦᠷᠴᠤ ᠢᠷᠡᠨ ᠮᠤᠩᠭᠤᠯ ᠤᠨ ᠶᠡᠭᠡ ᠬᠠᠭᠠᠨ ᠳᠤ ᠬᠦᠷᠭᠡᠨ᠎ᠡ︾ ᠭᠡᠵᠤ ᠲᠡᠮᠳᠡᠭᠯᠡᠵᠡᠢ᠃ ᠠᠪᠴᠢᠷᠠᠭᠰᠠᠨ ᠡᠳ᠋ ᠪᠠᠷᠠᠭᠠᠨ ᠤ ᠦᠨ᠎ᠡ ᠬᠠᠩᠰᠢ ᠶᠢ ᠲᠤᠭᠳᠠᠭᠠᠵᠤ᠂ ᠬᠠᠭᠠᠨ ᠠᠴᠠ ᠡᠷᠭᠡ ᠲᠡᠭᠰᠢ ᠪᠠᠷ ᠵᠤᠭᠤᠭ ᠭᠠᠷᠭᠠᠨ ᠦᠭᠴᠤ᠂ ᠪᠠᠰᠠ ᠨᠡᠯᠢᠶᠡᠳ ᠲᠤᠭᠠᠨ ᠤ ᠬᠦᠤ ᠮᠦᠩᠬᠦ ᠦᠭᠬᠦᠨ᠎ᠡ᠃ ᠲᠤᠮᠳᠠᠳᠤ ᠠᠽᠢᠶ᠎ᠠ ᠶᠢᠨ ᠭᠠᠵᠠᠷ ᠤᠷᠤᠨ ᠤ ᠲᠤᠷᠭ᠎ᠠ ᠶᠢᠨ ᠵᠠᠮ ᠬᠦᠨᠳᠤ ᠬᠤᠳᠠ ᠳ᠋ᠠᠳᠤ ᠮᠤᠩᠭᠤᠯ ᠴᠡᠷᠢᠭ ᠭᠡᠳᠤᠢ ᠎ ᠪᠠᠷ ᠪᠠᠷᠠᠭᠤᠨᠰᠢ ᠲᠠᠶᠢᠴᠢᠯᠠᠬᠤ ᠳᠤ ᠴᠡᠷᠢᠭ ᠲᠠᠶᠢᠨ ᠤ ᠬᠤᠬᠢᠷᠠᠯ ᠭᠠᠷᠤᠭᠰᠠᠨ ᠪᠤᠯᠪᠠᠴᠤ ᠲᠡᠳᠡᠨ ᠤ ᠤᠯᠠᠩᠬᠢ ᠲᠤᠭᠠᠨ ᠎ ᠤ ᠵᠡᠬᠦᠨ ᠪᠠᠷᠠᠭᠤᠨ ᠤᠷᠤᠨ ᠤ ᠠᠵᠤ ᠠᠬᠤᠢ ᠶᠡᠭᠡ ᠭᠡᠪᠴᠢᠶ᠎ᠡ ᠪᠠᠷ ᠬᠦᠭᠵᠢᠨ ᠪᠠᠳᠠᠷᠠᠵᠠᠢ᠃ 1259—1260 ᠤᠨ ᠳᠤ ᠴᠢᠩᠬᠢᠰ ᠬᠠᠭᠠᠨ ᠪᠠᠷᠠᠭᠤᠨᠰᠢ ᠲᠠᠶᠢᠴᠢᠯᠠᠭᠰᠠᠨ 40 ᠵᠢᠯ ᠤᠨ ᠰᠡᠬᠦᠯᠡᠷ ᠲᠤᠷᠭᠠᠨ ᠵᠠᠮ ᠲᠠᠭᠠᠤ ᠵᠸᠤ ᠰᠢᠶᠠᠨ ᠤᠭ ᠤᠨ ᠬᠦᠭᠵᠢᠩᠬᠦᠢ ᠪᠠᠳᠠᠷᠠᠩᠭᠤᠢ ᠪᠠᠶᠢᠳᠠᠯ ᠳᠠᠭᠠᠨ ᠡᠷᠬᠢᠨ ᠬᠦᠷᠴᠠᠢ᠃ ᠵᠢᠱᠢᠶᠡᠯᠡᠪᠡᠯ ᠲᠤᠮᠳᠠ ᠠᠽᠢᠶ᠎ᠠ ᠎ ᠶᠢᠨ ᠬᠠᠮᠤᠭ ᠨᠠᠷᠠᠳᠠᠢ ᠠᠷᠠᠯᠵᠢᠶᠠᠨ ᠤ ᠬᠦᠨᠳᠤ ᠬᠤᠳᠠ ᠢᠤᠯᠤᠩ ᠵᠢᠶᠠᠤᠤᠢ 1221 ᠤᠨ ᠳᠤ ᠬᠤᠳᠠ ᠡᠪᠳᠡᠭᠳᠡᠵᠤ ᠂ ᠮᠤᠩᠭᠤᠯ ᠴᠡᠷᠢᠭ 10 ᠲᠦᠮᠡᠨ ᠡᠯ᠎ᠡ ᠮᠡᠷᠭᠡᠵᠢᠯᠳᠡᠨ ᠢ ᠵᠡᠬᠦᠨᠰᠢ ᠬᠦᠷᠭᠡᠵᠤ᠂ 5 ᠲᠦᠮᠡᠨ ᠢᠳᠡᠷᠭᠡᠭ ᠵᠠᠯᠠᠭᠤ ᠶᠢ ᠴᠡᠷᠢᠭ ᠲᠤ ᠡᠯᠰᠡᠴᠤ ᠲᠠᠶᠢᠨ ᠤ ᠫᠤᠤ ᠶᠢᠨ ᠪᠦᠭᠯᠡᠭᠡ ᠪᠤᠯᠭᠠᠵᠤ᠂ ᠬᠡᠤᠬᠡᠳ ᠡᠮᠡᠭᠳᠠᠶᠢᠴᠤᠳ ᠪᠦᠷ ᠪᠤᠭᠤᠯ ᠪᠤᠯᠵᠤ᠂ ᠢᠯᠡᠬᠦᠤ ᠰᠠᠭᠤᠭᠠᠯᠢ ᠬᠦᠮᠤᠰ ᠢ ᠪᠦᠷ ᠠᠯᠠᠪᠠ᠃ ᠮᠤᠩᠭᠤᠯ ᠴᠡᠷᠢᠭ ᠪᠠᠰᠠ ᠠᠮᠤ ᠭᠤᠤᠯ ᠤᠨ ᠤᠰᠤ ᠤᠷᠤᠭᠤᠯᠵᠤ ᠡᠨᠡ ᠬᠤᠳᠠ ᠶᠢ ᠦᠭᠡᠶᠢᠰᠭᠡᠪᠡ᠃ ᠰᠡᠬᠦᠯᠡᠷ ︽ᠵᠠᠮ ᠨᠡᠪᠳᠡᠷᠡᠯᠭᠡ ᠶᠢᠨ ᠵᠦᠭᠯᠡᠬᠦᠷ︾ ᠨᠤᠮ ᠳᠤ ᠡᠨᠡ ᠬᠤᠳᠠ ᠲᠠᠬᠢᠨ ᠰᠡᠷᠬᠦᠵᠤ᠂ ᠠᠷᠠᠯᠵᠢᠶ᠎ᠠ ᠮᠠᠶᠢᠮᠠᠢ ᠬᠦᠭᠵᠢᠨ ᠪᠠᠳᠠᠷᠠᠵᠤ᠂ ᠡᠳ᠋ ᠪᠠᠷᠠᠭ᠎ᠠ ᠬᠦᠷᠪᠡᠰᠤ ᠲᠠᠷᠤᠢ ᠬᠤᠳᠠᠯᠳᠤᠨ ᠭᠠᠷᠭᠠᠵᠤ ᠴᠢᠳᠠᠨ᠎ᠠ ᠭᠡᠵᠤ ᠲᠡᠮᠳᠡᠭᠯᠡᠪᠡ᠃ ᠢᠤᠯᠤᠩ ᠵᠢᠶᠠᠤᠤᠢ ᠠᠨᠤ ᠬᠠᠮᠤᠭ ᠦᠷᠭᠡᠨ ᠰᠦᠷᠯᠢᠭ ᠭᠤᠶᠤ ᠶᠡᠭᠡ ᠬᠤᠳᠠ ᠪᠤᠯᠵᠤ ᠂ ᠵᠠᠬ᠎ᠠ ᠲᠡᠯᠭᠡᠬᠦᠷ ᠲᠡᠯᠭᠡᠷᠡᠨ᠂ ᠵᠡᠭᠡᠯᠢ ᠭᠤᠳᠤᠮᠵᠢ ᠦᠷᠭᠡᠨ ᠠᠭᠤᠳᠠᠮ᠂ ᠭᠡᠷ ᠪᠠᠶᠢᠰᠢᠩ ᠦᠷᠬᠦᠯᠵᠢᠯᠡᠵᠤ᠂ ᠬᠦᠮᠤᠰ ᠎ ᠲᠤ ᠦᠨᠡᠭᠡᠷ ᠰᠠᠶᠢᠬᠠᠨ ᠬᠠᠷᠠᠭᠳᠠᠨ᠎ᠠ᠃ ᠪᠠᠷᠠᠭᠤᠨ ᠠᠽᠢᠶ᠎ᠠ᠂ 1258 ᠤᠨ ᠬᠤᠯᠠᠭᠤ ᠪᠠᠭᠳᠠᠳ᠋ ᠬᠤᠳᠠ ᠶᠢ ᠡᠵᠡᠯᠡᠨ ᠠᠪᠤᠭᠰᠠᠨ ᠤ ᠲᠠᠷᠠᠭ᠎ᠠ ᠢᠯᠢ ᠬᠠᠭᠠᠨᠳᠤ ᠤᠯᠤᠰ ᠨᠢᠭᠡᠨ ᠬᠢᠯᠢ ᠶᠢᠨ ᠬᠤᠳᠠ ᠪᠤᠯᠵᠤ᠂ ᠡᠨᠡᠬᠦ ︽ᠲᠡᠭᠷᠢ ᠦᠷᠤᠰᠢᠶᠡᠭᠴᠢ ᠴᠡᠴᠡᠷᠯᠢᠭ ᠬᠤᠳᠠ︾ ᠠᠩᠬᠠᠨ ᠤ ᠲᠤᠷᠭ᠎ᠠ ᠶᠢᠨ ᠵᠠᠮ ᠤᠨ ᠪᠠᠳᠠᠷᠠᠩᠭᠤᠢ ᠪᠠᠶᠢᠳᠠᠯ ᠢᠶᠠᠨ ᠠᠯᠳᠠᠨ᠂ ᠨᠡᠷᠡᠳᠤ ᠰᠢᠯᠦᠭᠴᠢ᠂ ᠬᠤᠪᠢᠯᠭᠠᠨ ᠨᠡᠷᠡᠴᠢ᠂ ᠪᠠᠶᠢᠭᠤᠯᠤᠭᠴᠢ ᠮᠡᠷᠭᠡᠵᠢᠯᠳᠡᠨ᠂ ᠠᠯᠳᠠᠷᠳᠤ ᠡᠮᠴᠢ᠂ ᠪᠤᠳᠤᠯᠭᠠᠳᠠᠨ ᠰᠦᠷᠦᠭ ᠰᠦᠷᠦᠭ ᠢᠶᠠᠷ ᠶᠧᠵᠢᠫᠲ ᠎ ᠤᠨ ᠺᠠᠶᠢᠷᠤ᠋ ᠬᠤᠳᠠᠨ ᠳᠤ ᠲᠤᠳᠠᠭᠠᠨ ᠤᠴᠢᠪᠠ᠃ ᠰᠡᠬᠦᠯᠡᠷ ᠡᠨᠡ ᠺᠠᠶᠢᠷᠤ᠋ ᠬᠤᠳᠠ ᠢᠰᠯᠠᠮ ᠤᠨ ᠱᠠᠰᠢᠨ ᠤ ᠲᠦᠪ ᠪᠡ ᠤᠳᠬ᠎ᠠ ᠰᠤᠶᠤᠯ ᠤᠨ ᠭᠤᠤᠯ ᠬᠤᠳᠠ ᠪᠤᠯᠪᠠ᠃ ᠪᠠᠭᠳ᠋ᠳ᠋ ᠬᠤᠳᠠᠨ ᠤ ᠤᠷᠤ ᠶᠢ ᠠᠽᠧᠷᠪᠠᠶᠢᠴᠠᠨ ᠶᠢᠨ ᠳ᠋ᠠᠪᠦ᠋ᠯᠢ ᠎ ᠢᠶᠠᠷ ᠪᠤᠯᠤᠨ ᠲᠡᠭᠵᠢᠷᠡᠪᠡ᠃ ᠡᠨᠡᠬᠦ ᠬᠢᠯᠢ ᠬᠠᠭᠠᠨᠳᠤ ᠤᠯᠤᠰ ᠤᠨ ᠨᠡᠶᠢᠰᠯᠡᠯ ᠪᠠᠷᠠᠭᠤᠨᠰᠢ ᠪᠠᠭ᠎ᠠ ᠠᠽᠢᠶ᠎ᠠ ᠬᠦᠷᠴᠤ᠂ ᠬᠤᠶᠢᠳᠤ ᠠᠴᠠ ᠡᠮᠤᠨ᠎ᠡ ᠤᠷᠤᠰ ᠤᠨ ᠵᠠᠮ ᠬᠠᠷᠢᠴᠠᠭᠠᠨ ᠤ ᠵᠠᠮ ᠲᠡᠭᠡᠷ᠎ᠡ ᠤᠷᠤᠰᠢᠵᠤ᠂ ᠤᠯᠠᠨ ᠤᠯᠤᠰ ᠤᠨ ᠶᠡᠭᠡ ᠴᠢᠭᠤᠯᠭᠠᠨ ᠤ ᠬᠤᠪᠢ ᠪᠠᠷ ᠨᠢᠭᠡᠮᠤᠰᠤᠨ ᠬᠦᠭᠵᠢᠵᠤ ᠢᠲ᠋ᠠᠯᠢ ᠶᠢᠨ ᠠᠷᠠᠯᠵᠢᠶᠠᠨ ᠤ ᠬᠦᠮᠤᠨ ᠬᠢᠯᠪᠠᠷᠬᠠᠨ ᠢᠶᠠᠷ ᠢᠷᠡᠨ ᠤᠯᠤᠰ ᠪᠡ ᠲᠤᠮᠳᠠᠳᠤ ᠤᠯᠤᠰ ᠤᠨ ᠨᠡᠭᠡᠮᠡᠯ ᠤᠨ ᠡᠳ᠋ ᠪᠠᠷᠠᠭ᠎ᠠ᠂ ᠵᠡᠬᠦᠨ ᠡᠨᠡᠳᠭᠡᠭ ᠤᠨ ᠠᠩᠬᠢᠯᠤᠮ᠎ᠠ ᠦᠨᠦᠷᠳᠤ ᠡᠪᠡᠰᠤ ᠤᠯᠵᠤ ᠠᠪᠤᠨ᠎ᠠ᠃ ᠮᠤᠩᠭᠤᠯ ᠬᠠᠭᠠᠨᠳᠤ ᠦᠶ᠎ᠡ ᠶᠢᠨ ᠲᠤᠷᠭ᠎ᠠ ᠶᠢᠨ ᠵᠠᠮ ᠨᠢᠭᠡ ᠰᠢᠨ᠎ᠡ ᠠᠷᠠᠯᠵᠢᠶ᠎ᠠ ᠶᠢᠨ ᠵᠠᠮ ᠭᠠᠷᠴᠤ᠂ ᠡᠨᠡ ᠨᠢ ᠬᠠᠷ᠎ᠠ ᠲᠠᠯᠠᠢ ᠶᠢᠨ ᠬᠦᠪᠡᠭᠡ ᠠᠴᠠ ᠪᠠᠷᠢᠮᠳᠠ ᠬᠤᠶᠢᠭ ᠤᠨ ᠤᠷᠴᠢᠮ ᠶᠠᠰᠤ ᠠᠴᠠ ᠡᠬᠢᠯᠡᠨ ᠵᠡᠬᠦᠨᠰᠢ ᠤᠯᠢᠷ ᠭᠤᠤᠯ ᠢ ᠭᠡᠳᠤᠯᠵᠤ ᠴᠢᠨᠴᠠ ᠡᠪᠡᠰᠤ ᠪᠡᠯᠴᠢᠭᠡᠷ ᠪᠤᠶᠤ ᠵᠡᠬᠦᠨ ᠡᠮᠤᠨᠡᠰᠢ ᠮᠦᠷᠤᠶᠢᠵᠤ ᠲᠤᠮᠳᠠ ᠠᠽᠢᠶ᠎ᠠ ᠬᠦᠷᠤᠨ᠎ᠡ ︽ᠠᠯᠳᠠᠨ ᠤᠷᠳᠤᠳᠤ ᠬᠠᠭᠠᠨᠳᠤ ᠤᠯᠤᠰ ᠪᠠᠶᠢᠬᠤ ᠦᠶ᠎ᠡ ᠳᠤ ᠠᠽᠢᠶ᠎ᠠ ᠲᠢᠪ ᠪᠤᠯ ᠪᠠᠶᠧᠹ ︵ᠡᠳᠤᠭᠡ ᠶᠢᠨ ᠦᠺᠷᠠᠶᠢᠨ ᠤᠯᠤᠰ︶ ᠬᠤᠳᠠ ᠡᠮᠤᠨ᠎ᠡ ᠠᠴᠠ ᠡᠬᠢᠯᠡᠭᠰᠡᠨ︾ ᠪᠤᠯᠤᠨ᠎ᠠ᠃ ᠡᠨᠡᠬᠦ ᠠᠽᠢᠶ᠎ᠠ ᠡᠸᠦ᠋ᠷᠤᠫᠠ ᠬᠤᠶᠠᠷ ᠲᠢᠪ ᠶᠢ ᠵᠠᠯᠭᠠᠭᠰᠠᠨ ᠠᠷᠠᠯᠵᠢᠶ᠎ᠠ ᠶᠢᠨ ᠵᠠᠮ ᠴᠡᠴᠡᠨ ᠬᠠᠭᠠᠨᠳᠤ ᠤᠯᠤᠰ ᠤᠨ ᠬᠢᠯᠢ ᠲᠤᠳᠤᠷ᠎ᠠ ᠠᠴᠠ ᠬᠠᠷ᠎ᠠ ᠲᠠᠯᠠᠢ ᠶᠢᠨ ᠭᠠᠷᠠᠮ ᠬᠦᠷᠳᠡᠯ᠎ᠡ ᠮᠤᠩᠭᠤᠯ ᠤᠨ ᠨᠤᠶᠠᠷᠬᠠᠯᠠᠯ ᠤᠨ ᠲᠤᠤᠷ᠎ᠠ ᠵᠡᠬᠦᠨ ᠠᠽᠢᠶ᠎ᠠ ᠶᠢᠨ ᠵᠠᠬ᠎ᠠ ᠲᠡᠯᠭᠡᠬᠦᠷ ᠲᠠᠢ ᠵᠠᠯᠭᠠᠯᠳᠤᠵᠤ ᠲᠠᠯ᠎ᠠ ᠨᠤᠳᠤᠭ ᠪᠤᠶᠤ ᠤᠢ ᠰᠢᠭᠤᠢ ᠤᠷᠤᠨ ᠤ ᠭᠠᠷᠤᠯᠳᠠ ᠠᠮᠤ ᠪᠤᠳᠠᠭ᠎ᠠ᠂ ᠦᠭᠡᠷ᠂ ᠮᠤᠷᠢ᠂ ᠪᠤᠭᠤᠯ ᠰᠢᠪᠡᠭᠴᠢᠨ᠂ ᠤᠩᠭᠤᠰᠤ ᠠᠷᠠᠰᠤ᠂ ᠮᠤᠳᠤ ᠪᠡ ᠵᠢᠭᠠᠰᠤ ᠬᠠᠮ ᠬᠤᠷᠤᠬᠠᠢ ᠵᠢᠴᠢ ᠲᠤᠮᠳᠠᠳᠤ ᠤᠯᠤᠰ ᠪᠤᠶᠤ ᠲᠤᠮᠳᠠ ᠠᠽᠢᠶ᠎ᠠ ᠶᠢᠨ ᠦᠢᠯᠡᠳᠦᠭᠰᠡᠨ ᠪᠦᠷᠢᠯᠭᠡᠮᠡᠳᠡᠭᠡᠢ ᠪᠠᠷᠠᠭ᠎ᠠ ᠶᠢ ᠪᠦᠷ ᠤᠩᠭᠤᠴᠠ ᠪᠤᠶᠤ ᠠᠷᠠᠯᠵᠢᠶᠠᠨ ᠤ ᠳ᠋ᠤᠶᠢᠽᠢ ᠪᠠᠷ ᠪᠠᠶᠢᠵᠠᠨᠲ᠋ᠢᠩ᠂ ᠶᠧᠵᠢᠫᠲ᠂ ᠢᠲ᠋ᠠᠯᠢ᠂ ᠰᠢᠷᠢᠶ᠎ᠠ ᠵᠡᠷᠭᠡ ᠭᠠᠵᠠᠷ ᠲᠤ ᠲᠡᠭᠡᠭᠡᠪᠤᠷᠢᠯᠡᠵᠤ ᠰᠤᠯᠢᠯᠴᠠᠵᠤ᠂ ᠡᠳ᠋ ᠡᠷᠳᠡᠨᠢ᠂ ᠠᠯᠳᠠ ᠮᠦᠩᠬᠦ ᠂ ᠠᠩᠬᠢᠯᠤᠮ᠎ᠠ ᠦᠨᠡᠳᠤ ᠤᠰᠤ᠂ ᠵᠢᠮᠢᠰ ᠵᠢᠴᠢ ᠠᠹᠷᠢᠺᠠ ᠲᠢᠪ ᠤᠨ ᠮᠠᠯ ᠠᠳᠤᠭᠤᠰᠤᠨ ᠤ ᠭᠠᠷᠤᠯᠳᠠ ᠶᠢ ᠲᠠᠰᠤᠷ᠎ᠠ ᠦᠭᠡᠢ ᠲᠤᠮᠳᠠ ᠠᠴᠢᠶ᠎ᠠ ᠪᠡ ᠲᠤᠮᠳᠠᠳᠤ ᠤᠯᠤᠰ ᠲᠤ ᠲᠡᠭᠡᠭᠡᠪᠤᠷᠢᠯᠡᠨ ᠠᠪᠴᠢᠷᠠᠨ᠎ᠠ᠃ᠳ᠋ᠠᠪᠦ᠋ᠯᠢ ᠢᠶᠠᠷ ᠠᠳᠠᠯᠢ ᠤᠨᠴᠠᠭᠠᠢ ᠬᠦᠭᠵᠢᠭᠰᠡᠨ ᠤᠯᠠᠨ ᠤᠯᠤᠰ ᠤᠨ ᠬᠤᠭᠤᠷᠤᠨᠳᠤ ᠶᠢᠨ ᠠᠷᠠᠯᠵᠢᠶ᠎ᠠ ᠮᠠᠶᠢᠮᠠᠢ ᠬᠠᠮᠤᠭ ᠲᠤᠰᠠ ᠭᠠᠷᠤᠭᠰᠠᠨ ᠪᠤᠯ ᠴᠡᠴᠡᠨ ᠬᠠᠭᠠᠨᠳᠤ ᠤᠯᠤᠰ ᠤᠨ ᠨᠡᠶᠢᠰᠯᠡᠯ ᠰᠡᠯᠡᠷ ᠬᠤᠳᠠ ᠪᠤᠯᠤᠨ᠎ᠠ᠃ ᠡᠬᠦᠨ ᠢ ᠢᠸᠠᠨ ᠪᠠᠶᠢᠳᠤᠳᠠᠢ ︽ᠰᠡᠯᠡᠷ ᠬᠤᠳᠠ ᠭᠤᠶᠤ ᠰᠠᠶᠢᠬᠠᠨ᠂ ᠲᠡᠪᠰᠡᠨ ᠲᠠᠯ᠎ᠠ ᠲᠡᠭᠡᠷ᠎ᠡ ᠪᠠᠶᠢᠭᠤᠯᠤᠭᠰᠠᠨ ᠭᠡᠪᠴᠢᠶ᠎ᠡ ᠲᠤᠩ ᠶᠡᠭᠡ ᠦᠷᠭᠡᠨ᠂ ᠬᠦᠮᠤᠨ ᠠᠮᠠ ᠠᠷᠪᠢᠨ᠂ ᠵᠠᠬ᠎ᠠ ᠲᠡᠯᠭᠡᠬᠦᠷ ᠦᠷᠭᠡᠨ᠂ ᠵᠡᠭᠡᠯᠢ ᠠᠭᠤᠳᠠᠮ᠂ ᠬᠤᠳᠠ ᠳᠤ ᠤᠯᠠᠨ ᠢᠰᠯᠠᠮ ᠎ ᠤᠨ ᠰᠦᠮ᠎ᠡ ᠰᠦᠨᠳᠡᠷᠯᠡᠵᠤ᠂ ᠲᠤᠷᠭ᠎ᠠ ᠲᠤᠷᠳᠤᠩ ᠤᠨ ᠭᠠᠷᠤᠯᠳᠠ ᠪᠦᠷ ᠲᠤᠮᠳᠠᠳᠤ ᠤᠯᠤᠰ ᠠᠴᠠ ᠲᠡᠭᠡᠭᠡᠪᠤᠷᠢᠯᠡᠨ ᠠᠪᠴᠢᠷᠠᠵᠤ᠂ ᠤᠷᠤᠰ᠂ ᠢᠲ᠋ᠠᠯᠢ᠂ ᠬᠠᠩᠭᠠᠷᠢ ᠵᠡᠷᠭᠡ ᠤᠯᠤᠰ ᠤᠨ ᠠᠷᠠᠯᠵᠢᠶᠠᠴᠢᠨ ᠲᠤᠮᠳᠠᠳᠤ ᠤᠯᠤᠰ ᠲᠤ ᠤᠴᠢᠬᠤ ᠦᠭᠡᠢ ᠪᠤᠯᠪᠠᠴᠤ ᠲᠤᠮᠳᠠᠳᠤ ᠤᠯᠤᠰ ᠤᠨ ᠲᠤᠷᠭ᠎ᠠ ᠲᠤᠷᠳᠤᠩ ᠶᠢᠨ ᠬᠤᠳᠠ ᠠᠴᠠ ᠬᠤᠳᠠᠯᠳᠤᠨ ᠤᠯᠤᠨ᠎ᠠ︾ ᠭᠡᠵᠤ ᠨᠢᠬᠳᠠ ᠪᠢᠴᠢᠵᠤ ᠲᠡᠮᠳᠡᠭᠯᠡᠪᠡ᠃ 4. ᠬᠢᠵᠠᠭᠠᠷᠯᠠᠰᠢ ᠦᠭᠡᠢ ᠰᠤᠯᠢᠯᠴᠠᠭ᠎ᠠᠮᠤᠩᠭᠤᠯ ᠤᠨ ᠨᠤᠶᠠᠷᠬᠠᠯ ᠤᠨ ᠲᠤᠤᠷ᠎ᠠ ᠶᠢᠨ ᠨᠠᠶᠢᠷᠠᠮᠳᠠᠯ ᠠᠭᠤᠤ ᠶᠡᠭᠡ ᠲᠠᠪᠠᠨᠢᠯ ᠪᠤᠢ ᠪᠤᠯᠵᠤ᠂ ᠬᠦᠮᠤᠰ ᠤᠨ ᠬᠠᠷᠠᠯᠳᠠ ᠭᠠᠵᠠᠷ ᠤᠨ ᠲᠤᠮᠳᠠ ᠲᠠᠩᠬᠢᠰ ᠠᠽᠢᠶ᠎ᠠ ᠡᠸᠦ᠋ᠷᠤᠫᠠ ᠲᠢᠪ ᠵᠦᠭ ᠴᠢᠭᠯᠡᠵᠤ᠂ ᠭᠠᠭᠴᠠ ᠪᠦᠯᠢ ᠭᠡᠷ ᠲᠤ ᠴᠤᠭᠯᠠᠷᠠᠭᠰᠠᠨ ᠡᠯ᠎ᠡ ᠵᠤᠶᠢᠯ ᠤᠨ ᠱᠠᠰᠢᠨ ᠰᠤᠷᠳᠠᠬᠤᠨ᠂ ᠡᠯ᠎ᠡ ᠵᠤᠶᠢᠯ ᠤᠨ ᠬᠦᠨ ᠤᠬᠠᠭᠠᠨᠳᠠᠨ᠂ ᠲᠡᠭᠷᠢ ᠵᠦᠢ ᠶᠢ ᠰᠤᠳᠤᠯᠤᠭᠴᠢ᠂ ᠲᠡᠤᠭᠡᠴᠢᠨ᠂ ᠰᠤᠷᠭᠠᠯᠳᠠᠨ ᠨᠠᠷ ᠪᠦᠷ ᠲᠤᠮᠳᠠᠳᠤ ᠤᠯᠤᠰ ᠤᠨ ᠡᠮᠤᠨ᠎ᠡ ᠭᠠᠵᠠᠷ᠂ ᠡᠨᠡᠳᠭᠡᠭ᠂ ᠺᠠᠰᠢᠮᠢᠷ ᠵᠢᠴᠢ ᠲᠦᠷᠺ᠂ ᠪᠠᠰᠠ ᠠᠷᠠᠪ ᠬᠦᠮᠤᠨ᠂ ᠹᠷᠠᠨᠽᠢ ᠬᠦᠮᠤᠰ ᠲᠤᠷᠭᠠᠨ ᠵᠠᠮ ᠤᠨ ᠵᠡᠬᠦᠨ ᠪᠠᠷᠠᠭᠤᠨ ᠤᠷᠤᠨ ᠤ ᠬᠤᠭᠤᠷᠤᠨᠳᠤᠬᠢ ᠰᠤᠯᠢᠯᠴᠠᠭ᠎ᠠ ᠶᠢ ᠠᠬᠢᠭᠤᠯᠵᠤ ᠲᠡᠤᠭᠡᠨ ᠳᠤ ᠦᠭᠡᠢ ᠶᠡᠭᠡ ᠭᠡᠮᠵᠢᠶᠡᠨ ᠳᠤ ᠬᠦᠷᠭᠡᠪᠡ᠃ ᠲᠤᠮᠳᠠᠳᠤ ᠤᠯᠤᠰ ᠤᠨ ᠡᠬᠦᠳᠤᠨ ᠵᠤᠬᠢᠶᠠᠭᠰᠠᠨ ᠲᠠᠷᠢ ᠶᠠᠭ ᠮᠤᠩᠭᠤᠯ ᠪᠠᠷᠠᠭᠤᠨᠰᠢ ᠲᠠᠶᠢᠯᠠᠬᠤ ᠳᠠᠭᠠᠨ ᠢᠰᠯᠠᠮ ᠤᠨ ᠤᠷᠤᠨ ᠳᠤ ᠲᠠᠷᠬᠠᠨ ᠲᠡᠯᠭᠡᠷᠡᠬᠦᠯᠵᠤ ᠲᠠᠬᠢᠨ ᠡᠸᠦ᠋ᠷᠤᠫᠠ ᠲᠢᠪ ᠲᠤ ᠲᠠᠷᠬᠠᠵᠠᠢ᠃ ᠤᠳᠬ᠎ᠠ ᠤᠷᠠᠯᠢᠭ ᠤᠨ ᠰᠡᠷᠬᠦᠯᠳᠡ ᠦᠶ᠎ᠡ ᠎ ᠶᠢᠨ ᠠᠩᠭ᠍ᠯᠢ ᠶᠢᠨ ᠡᠷᠳᠡᠮᠳᠡᠨ ᠹᠠᠯᠠᠩᠰᠢᠰᠧ᠂ ᠫᠠᠶᠢᠺᠠᠨ ᠤ ᠬᠡᠯᠡᠭᠰᠡᠨ ᠢᠶᠠᠷ ︽ᠶᠠᠮᠪᠠᠷ ᠨᠢᠭᠡᠨ ᠬᠠᠭᠠᠨᠳᠤ ᠤᠯᠤᠰ ᠪᠤᠶᠤ ᠨᠠᠷᠠᠳᠤ ᠬᠦᠮᠤᠨ ᠤ ᠬᠦᠴᠤᠨ ᠪᠦᠷ ᠡᠨᠡᠬᠦ ᠵᠤᠬᠢᠶᠠᠨ ᠡᠬᠦᠳᠦᠭᠰᠡᠨ ᠮᠡᠷᠭᠡᠵᠢᠯ ᠲᠠᠢ ᠠᠳᠠᠯᠢᠳᠬᠠᠬᠤ ᠶᠢᠨ ᠠᠷᠭ᠎ᠠ ᠦᠭᠡᠢ ᠪᠦᠭᠡᠳ ᠬᠦᠮᠤᠨ ᠲᠦᠷᠤᠯᠬᠢᠳᠡᠨ ᠤ ᠠᠮᠢᠳᠤᠷᠠᠯ ᠢ ᠨᠦᠯᠤᠭᠡᠯᠡᠭᠰᠡᠨ ᠳᠤ ᠬᠦᠷᠬᠦ ᠦᠭᠡᠢ︾ ᠭᠡᠪᠡ᠃ ᠨᠦᠬᠦᠭᠡ ᠲᠠᠯ᠎ᠠ ᠪᠠᠷ ᠶᠤᠸᠠᠨ ᠤᠯᠤᠰ ᠪᠠᠰᠠᠨ ᠢᠯᠢ ᠬᠠᠭᠠᠨᠳᠤ ᠤᠯᠤᠰ ᠠᠴᠠ ᠢᠰᠮᠢᠶᠠᠨ ᠪᠡ ᠠᠯᠤᠸᠠᠷᠲ᠋ᠢᠩ ᠤᠨ ᠡᠬᠦᠳᠦᠭᠰᠡᠨ ᠲᠤᠮᠤ ᠶᠡᠭᠡ ᠴᠢᠯᠠᠭᠤ ᠬᠠᠷᠪᠤᠬᠤ ᠫᠤᠤ ︵ᠬᠤᠳᠤᠩ ᠫᠤᠤ︶᠎ ᠶᠢ ᠲᠤᠮᠳᠠᠳᠤ ᠤᠯᠤᠰ ᠲᠤ ᠠᠪᠴᠢᠷᠠᠵᠤ ᠲᠠᠶᠢᠨ ᠳᠤ ᠭᠡᠷᠡᠭᠯᠡᠵᠤ᠂ ᠰᠦᠡᠭ ᠤᠯᠤᠰ ᠤᠨ ᠬᠠᠳᠠᠭᠤ ᠪᠠᠬᠢᠯᠡᠯᠳᠡ ᠬᠤᠳᠠ ᠰᠢᠶᠠᠩ ᠶᠠᠩ ᠪᠡ ᠬᠤᠸᠠᠨ ᠴᠸᠡᠭ ᠢ ᠲᠡᠯᠪᠡᠴᠡᠨ ᠡᠪᠳᠡᠵᠤ ᠬᠢᠯᠪᠠᠷᠬᠠᠨ ᠢᠶᠠᠷ ᠡᠵᠡᠯᠡᠪᠡ᠃ ᠰᠠᠶᠢᠨ ᠲᠠᠢ ᠲᠠᠯ᠎ᠠ ᠪᠠᠷ ᠬᠡᠯᠡᠬᠦ ᠳᠤ ︽ᠲᠤᠷᠭᠠᠨ ᠵᠠᠮ ᠢ ᠨᠡᠭᠡᠭᠡᠭᠰᠡᠨ︾ ᠰᠤᠯᠢᠯᠴᠠᠭ᠎ᠠ ᠬᠦᠴᠤᠨ ᠶᠡᠭᠡᠳᠠᠢ ᠬᠦᠮᠤᠨ ᠢ ᠠᠯᠠᠬᠤ ᠵᠡᠪᠰᠡᠭ ᠦᠯᠡᠳᠡᠭᠰᠡᠨ ᠤᠴᠢᠷ ᠪᠤᠰᠤ ᠬᠠᠷᠢᠨ ᠠᠵᠤ ᠠᠬᠤᠢ ᠶᠢ ᠬᠦᠭᠵᠢᠭᠡᠭᠰᠡᠨ ᠤᠴᠢᠷ ᠪᠤᠯᠤᠨ᠎ᠠ᠃ ᠡᠨᠡ ᠲᠤᠷᠭᠠᠨ ᠵᠠᠮ ᠤᠨ ᠰᠤᠯᠢᠯᠴᠠᠭ᠎ᠠ ᠪᠠᠷ ᠪᠤᠯᠵᠤ ᠠᠯᠢᠪᠠ ᠭᠡᠷᠡᠭ ᠶᠠᠪᠤᠳᠠᠯ ᠲᠦᠬᠦᠮ ᠪᠤᠯᠵᠤ᠂ ᠵᠢᠱᠢᠶᠡᠯᠡᠪᠡᠯ ᠬᠤᠯᠠᠭᠤ ᠪᠠᠷᠠᠭᠤᠨᠰᠢ ᠲᠠᠶᠢᠯᠠᠬᠤ ᠶᠢᠨ ᠶᠠᠪᠤᠴᠠ ᠳᠤ ᠲᠤᠮᠳᠠᠳᠤ ᠤᠯᠤᠰ ᠡᠮᠴᠢ ᠶᠢ ᠲᠠᠭᠠᠭᠤᠯᠤᠨ᠂ ᠢᠯᠢ ᠬᠠᠭᠠᠨᠳᠤ ᠤᠯᠤᠰ ᠤᠨ ᠬᠢᠽᠠᠨ ᠬᠠᠨ ᠨᠢᠳᠤ ᠶᠢ ᠬᠤᠯᠠᠭᠤ ᠶᠢ ᠲᠠᠭᠠᠵᠤ ᠢᠷᠡᠭᠰᠡᠨ ᠲᠤᠮᠳᠠᠳᠤ ᠤᠯᠤᠰ ᠤᠨ ᠡᠮᠴᠢ ᠲᠦᠨᠡᠭᠡᠬᠦ ᠠᠷᠭ᠎ᠠ ᠪᠠᠷ ᠰᠠᠶᠢᠨ ᠪᠤᠯᠭᠠᠪᠠ᠃ ᠲᠠᠩ ᠤᠯᠤᠰ ᠤᠨ ᠦᠶ᠎ᠡ ᠶᠢᠨ ᠰᠦᠨ ᠰᠧ ᠮᠢᠶᠤᠤ ᠎ ᠶᠢᠨ ︽ᠮᠢᠩᠭᠠᠨ ᠠᠯᠳᠠᠨ ᠵᠤᠷ ᠠᠷᠭ᠎ᠠ︾᠎ ᠢ ᠶᠤᠸᠠᠨ ᠤ ᠦᠶ᠎ᠡ ᠳᠤ ᠪᠦᠰᠧ ᠦᠰᠦᠭ ᠢᠶᠠᠷ ᠤᠷᠴᠢᠭᠤᠯᠤᠨ ᠲᠠᠷᠬᠠᠵᠤ ᠂ ᠡᠬᠦᠨ ᠤ ᠵᠡᠷᠭᠡ ᠪᠠᠷ ᠠᠷᠠᠪ ᠤᠨ ᠡᠮᠨᠡᠯᠭᠡ ᠶᠢᠨ ᠮᠡᠷᠭᠡᠵᠢᠯ ᠪᠠᠰᠠ ᠲᠤᠮᠳᠠᠳᠤ ᠤᠯᠤᠰ ᠲᠤ ᠲᠠᠷᠬᠠᠨ ᠭᠡᠷᠡᠭᠯᠡᠵᠡᠢ᠃ ᠰᠡᠬᠦᠯᠴᠢ ᠶᠢᠨ ᠦᠶ᠎ᠡ ᠶᠢᠨ ᠯᠢ ᠱᠢ ᠵᠧᠨ ᠤ ︽ᠡᠪᠡᠰᠤᠨ ᠡᠮ ᠤᠨ ᠲᠤᠪᠴᠢ︾᠎ ᠳᠤ ᠶᠤᠸᠠᠨ ᠤᠯᠤᠰ ᠦᠶ᠎ᠡ ᠳᠤ ᠤᠷᠤᠭᠤᠯᠤᠨ ᠭᠡᠷᠡᠭᠯᠡᠭᠰᠡᠨ ᠬᠤᠳᠤᠩ ᠡᠮ ᠤᠨ ᠵᠤᠷ ᠢ ᠪᠢᠴᠢᠨ ᠤᠷᠤᠭᠤᠯᠤᠭᠰᠠᠨ ᠨᠡᠯᠢᠶᠡᠳ ᠭᠡᠰᠡᠭ ᠪᠤᠢ᠃ ᠲᠤᠷᠭᠠᠨ ᠵᠠᠮ ᠢᠶᠠᠷ ᠲᠠᠮᠵᠢᠭᠤᠯᠤᠨ ᠢᠷᠡᠭᠰᠡᠨ ᠲᠤᠷᠤᠨ᠎ᠠ ᠲᠠᠬᠢᠨ ᠤ ᠨᠦᠯᠤᠭᠡ ᠢᠯᠢ ᠬᠠᠭᠠᠨᠳᠤ ᠤᠯᠤᠰ ᠢ ᠨᠦᠯᠤᠭᠡᠯᠡᠵᠤ᠂ ᠪᠦᠰᠧ ᠠᠷᠠᠪ ᠤᠯᠤᠰ ᠲᠤᠮᠳᠠᠳᠤ ᠤᠯᠤᠰ ᠤᠨ ᠤᠳᠬ᠎ᠠ ᠤᠷᠠᠯᠢᠭ ᠲᠤ ᠲᠤᠷᠠᠯᠠᠵᠤ ᠲᠤᠮᠳᠠᠳᠤ ᠤᠯᠤᠰ ᠤᠨ ᠱᠠᠵᠠᠩ ᠢ ᠲᠠᠭᠤᠷᠢᠶᠠᠨ ᠰᠢᠳᠠᠭᠠᠨ ᠭᠡᠷᠡᠭᠯᠡᠵᠤ᠂ ᠲᠤᠮᠳᠠᠳᠤ ᠤᠯᠤᠰ ᠤᠨ ᠦᠰᠤᠨ ᠪᠢᠷ ᠢᠶᠠᠷ ᠵᠢᠷᠤᠭ ᠵᠢᠷᠤᠵᠤ᠂ ᠲᠤᠮᠳᠠᠳᠤ ᠤᠯᠤᠰ ᠤᠨ ᠮᠠᠯᠠᠭᠠᠢ ᠶᠢ ᠵᠡᠬᠦᠵᠤ᠂ ᠲᠤᠮᠳᠠᠳᠤ ᠤᠯᠤᠰ ᠤᠨ ᠬᠤᠪᠴᠠᠰᠤ ᠶᠢ ᠡᠮᠤᠰᠴᠤ ᠴᠡᠩᠭᠡᠨ᠎ᠡ᠃ ᠶᠡᠷᠤᠩᠭᠡᠶᠢᠯᠡᠨ ᠬᠡᠯᠡᠪᠡᠰᠤ ᠲᠤᠮᠳᠠᠳᠤ ᠤᠯᠤᠰ ᠤᠨ ᠭᠡᠪ ᠰᠤᠷᠳᠠᠯ ᠮᠤᠩᠭᠤᠯ ᠬᠦᠮᠤᠨ ᠤ ᠨᠤᠶᠠᠷᠬᠠᠯ  ᠦᠶ᠎ᠡ ᠳᠤ ᠢᠯᠢ ᠤᠯᠤᠰ ᠤᠨ ᠲᠤᠮᠳᠠ ᠨᠢᠭᠡᠨᠳᠡ ᠲᠡᠯᠭᠡᠷᠡᠵᠤ ᠬᠠᠮᠤᠭ ᠪᠠᠭ᠋ᠠᠷᠬᠠᠭᠤᠯᠬᠤ ᠴᠢᠳᠠᠯ ᠲᠠᠢ ᠪᠤᠯᠪᠠ᠃ ᠬᠠᠶᠢᠳᠤ ᠬᠠᠭᠠᠨ ᠤ ᠦᠶ᠎ᠡ ᠳᠤ ︵1291—1295 ᠤᠨ︶ ᠡᠳ᠋ ᠤᠨ ᠰᠠᠩ ᠤᠨ ᠬᠦᠴᠢᠷ ᠢ ᠰᠢᠢᠳᠪᠤᠷᠢᠯᠡᠬᠦ ᠎ ᠶᠢᠨ ᠲᠦᠯᠤᠭᠡ ᠢᠯᠢ ᠬᠠᠭᠠᠨᠳᠤ ᠤᠯᠤᠰ ᠶᠤᠸᠠᠨ ᠢ ᠲᠠᠭᠤᠷᠢᠶᠠᠨ ᠴᠠᠭᠠᠰᠤᠨ ᠵᠤᠭᠤᠰ ︵ᠬᠠᠭᠠᠨ ᠤ ᠲᠠᠮᠠᠭ᠎ᠠ ᠲᠠᠷᠤᠭᠰᠠᠨ ᠴᠠᠭᠠᠰᠤᠨ ᠵᠤᠭᠤᠰ︶ ᠭᠡᠷᠡᠭᠯᠡᠵᠤ᠂ ᠬᠠᠶᠢᠳᠤ ᠬᠠᠭᠠᠨ 1294 ᠤᠨ ᠳᠤ ᠵᠠᠷᠯᠢᠭ ᠪᠠᠭᠤᠯᠭᠠᠵᠤ ᠡᠨᠡ ᠴᠠᠭᠠᠰᠤᠨ ᠵᠤᠭᠤᠰ ᠢ ᠪᠦᠬᠦ ᠤᠯᠤᠰ ᠲᠤ ᠭᠡᠷᠡᠭᠯᠡᠵᠡᠢ᠃ ᠵᠤᠭᠤᠰ ᠤᠨ ᠲᠡᠭᠡᠷ᠎ᠡ ᠨᠢ ᠪᠦᠰᠧ ᠦᠰᠦᠭ ᠠᠴᠠ ᠭᠠᠳᠠᠨ᠎ᠠ ᠪᠠᠰᠠ ᠬᠢᠳᠠᠳ ᠦᠰᠦᠭ ︽钞︾ ᠦᠰᠦᠭ ᠲᠠᠷᠤᠵᠠᠢ᠃ ᠡᠨᠡᠬᠦ ︽钞︾ ᠦᠰᠦᠭ ᠡᠳᠤᠭᠡ ᠪᠤᠯᠳᠠᠯ᠎ᠠ ᠪᠦᠰᠧ ︵ᠡᠳᠤᠭᠡ ᠶᠢᠨ ᠢᠷᠡᠨ ᠤᠯᠤᠰ︶ ᠪᠠ ᠠᠷᠠᠪ ᠤᠯᠤᠰ ᠤᠨ ᠵᠤᠭᠤᠰ ᠲᠤ ᠭᠡᠷᠡᠭᠯᠡᠵᠤ ᠪᠠᠶᠢᠨ᠎ᠠ᠃ ᠮᠤᠩᠭᠤᠯ ᠬᠠᠭᠠᠨᠳᠤ ᠤᠯᠤᠰ ᠤᠨ ᠦᠶ᠎ᠡ ᠳᠤ ᠲᠤᠷᠭᠠᠨ ᠵᠠᠮ ᠲᠡᠭᠡᠷ᠎ᠡ ᠬᠠᠮᠤᠭ ᠶᠡᠭᠡ ᠬᠤᠪᠢᠷᠠᠯᠳᠠ ᠪᠤᠯ ᠡᠾᠷᠢᠰᠲ᠋ᠤᠰ ᠱᠠᠰᠢᠨ ᠡᠸᠦ᠋ᠷᠤᠫᠠ ᠪᠡ ᠲᠤᠷᠤᠨ᠎ᠠ ᠲᠠᠬᠢᠨ ᠤ ᠬᠤᠭᠤᠷᠤᠨᠳᠤ ᠲᠡᠷᠢᠬᠦᠨ ᠤᠳᠠᠭ᠎ᠠ ᠢᠰᠯᠠᠮ ᠤᠨ ᠲᠡᠯᠡᠭᠡᠢ ᠠᠴᠠ ᠲᠠᠪᠠᠵᠤ ᠰᠢᠭᠤᠳ ᠶᠠᠪᠤᠯᠴᠠᠬᠤ ᠪᠤᠯᠵᠠᠢ᠃  ︽ᠮᠠᠷᠺᠤ ᠫᠤᠯᠤ ᠶᠢᠨ ᠠᠶᠠᠯᠠᠯ ᠤᠨ ᠲᠡᠮᠳᠡᠭᠯᠡᠯ︾᠎ ᠳᠤ ︽ᠲᠡᠯᠡᠭᠡᠢ ᠲᠡᠭᠡᠷ᠎ᠡ ᠬᠠᠨᠭ᠌ ᠵᠸᠤ ᠬᠤᠳᠠ ᠬᠠᠮᠤᠭ ᠭᠤᠶᠤ ᠰᠠᠶᠢᠬᠠᠨ ᠲᠡᠭᠷᠯᠢᠭ ᠬᠤᠳᠠ︾ ᠭᠡᠵᠤ ᠲᠦᠷᠰᠤᠯᠡᠵᠤ ︽ᠬᠠᠨᠭ᠌ ᠵᠸᠤ ᠎ ᠪᠠᠷ ᠬᠤᠳᠠ ᠪᠤᠯᠪᠠᠯ ᠲᠡᠯᠡᠭᠡᠢ ᠳᠤ ᠬᠤᠪᠤᠷᠬᠠᠨ ᠶᠡᠭᠡ ᠬᠤᠳᠠ ᠪᠤᠯᠵᠤ ᠬᠦᠮᠤᠰ ᠡᠨᠡ ᠬᠤᠳᠠ ᠳᠤ ᠡᠳᠤᠷ ᠲᠡᠭᠡᠨ ᠪᠠᠶᠠᠷᠯᠠᠨ ᠴᠡᠩᠭᠡᠵᠤ ᠲᠡᠭᠷᠢ ᠶᠢᠨ ᠲᠠᠩᠬᠢᠮ ᠳᠤ ᠬᠦᠷᠦᠭᠰᠡᠨ ᠮᠡᠳᠤ︾ ᠭᠡᠵᠤ ᠪᠢᠴᠢᠵᠠᠢ᠃ ᠲᠡᠷᠡ ᠦᠶ᠎ᠡ ᠠᠴᠠ ᠡᠬᠢᠯᠡᠨ ᠬᠦᠭᠡ ᠮᠦᠷᠡᠨ ᠤ ᠡᠮᠤᠨ᠎ᠡ ᠶᠢᠨ ᠬᠦᠮᠤᠰ ︽ᠲᠡᠭᠡᠷ᠎ᠡ ᠠᠨᠤ ᠲᠡᠭᠷᠢ ᠶᠢᠨ ᠲᠠᠩᠬᠢᠮ᠂ ᠲᠤᠤᠷ᠎ᠠ ᠠᠨᠤ ᠰᠤ᠋ ᠬᠠᠨᠭ᠌︾ ᠭᠡᠰᠡᠨ ᠠᠷᠠᠳ ᠤᠨ ᠠᠮᠠᠨ ᠶᠠᠷᠢᠶ᠎ᠠ ᠡᠳᠤᠭᠡ ᠪᠤᠯᠳᠠᠯ᠎ᠠ ᠦᠷᠬᠦᠯᠵᠢᠯᠡᠵᠤ ᠪᠤᠢ᠃ ᠮᠤᠩᠭᠤᠯ ᠤᠨ ᠬᠠᠭᠠᠨᠳᠤ ᠤᠯᠤᠰ ᠤᠨ ᠦᠶ᠎ᠡ ᠡᠸᠦ᠋ᠷᠤᠫᠠ ᠶᠢᠨ ᠮᠠᠷᠺᠤ ᠫᠤᠯᠤ ᠠᠴᠠ ᠭᠠᠳᠠᠨ᠎ᠠ ᠪᠠᠰᠠ ᠤᠯᠠᠨ ᠬᠦᠮᠤᠨ ᠲᠤᠮᠳᠠᠳᠤ ᠤᠯᠤᠰ ᠲᠤ ᠢᠷᠡᠵᠤ ᠠᠶᠢᠯᠴᠢᠯᠠᠪᠠ᠃ ᠵᠢᠱᠢᠶᠡᠯᠡᠪᠡᠯ 1245 ᠤᠨ ᠳᠤ ᠱᠠᠰᠢᠨ ᠬᠠᠭᠠᠨ ᠢᠩᠨᠤᠰᠸᠠ 65 ᠨᠠᠰᠤᠳᠠᠢ ᠨᠤᠮᠴᠢ ᠫᠯᠠᠨ᠂ ᠺᠠᠷᠫᠠᠨ ᠢ ᠮᠤᠩᠭᠤᠯ ᠬᠠᠭᠠᠨᠳᠤ ᠤᠯᠤᠰ ᠲᠤ ᠲᠤᠮᠢᠯᠠᠵᠤ᠂ ᠲᠡᠷᠡ ᠲᠤᠷᠭᠠᠨ ᠵᠠᠮ ᠢᠶᠠᠷ ᠡᠩᠭᠡ ᠲᠠᠪᠰᠢᠨ ᠢᠶᠠᠷ ᠬᠠᠷ᠎ᠠ ᠬᠤᠷᠤᠮ ᠳᠤ ᠬᠦᠷᠴᠤ᠂ ᠲᠠᠷᠠᠭ᠎ᠠ ᠵᠢᠯ ᠤᠨ 7 ᠰᠠᠷ᠎ᠠ ᠳᠤ ᠫᠠᠯᠠ᠂ ᠺᠠᠷᠫᠠᠨ ᠪᠠᠰᠠ ᠬᠦᠶᠦᠭ ᠬᠠᠭᠠᠨ ᠤ ᠰᠠᠭᠤᠷᠢ ᠵᠠᠯᠭᠠᠮᠵᠢᠯᠠᠬᠤ ᠬᠤᠷᠠᠯ ᠳᠤ ᠤᠷᠤᠯᠴᠠᠭᠰᠠᠨ ᠵᠤᠴᠢᠨ ᠨᠠᠷ ᠤᠨ ᠬᠦᠷᠭᠡᠭᠰᠡᠨ ᠪᠡᠯᠡᠭ ᠠᠭᠤᠯᠠ ᠮᠡᠳᠤ ᠤᠪᠤᠭᠠᠯᠠᠵᠤ᠂ ᠭᠠᠭᠴᠠ ᠡᠨᠡ ᠱᠠᠰᠢᠨ ᠬᠠᠭᠠᠨ ᠤ ᠡᠯᠴᠢ ᠭᠠᠷ ᠬᠤᠭᠤᠰᠤᠨ ᠤᠷᠤᠯᠴᠠᠵᠠᠢ᠃ 1247 ᠤᠨ ᠫᠠᠯᠠ᠂ ᠺᠠᠷᠠᠫᠠᠨ ᠤᠯᠤᠰ ᠲᠠᠭᠠᠨ ᠡᠷᠬᠢᠵᠤ ᠱᠠᠰᠢᠨ ᠬᠠᠭᠠᠨ ᠳᠠᠭᠠᠨ ᠮᠤᠩᠭᠤᠯ ᠤᠨ ᠪᠠᠶᠢᠳᠠᠯ ᠢ ᠨᠢᠬᠳᠠ ᠮᠡᠳᠡᠬᠦᠯᠪᠡ᠃ ᠡᠨᠡ ᠤᠳᠠᠭ᠎ᠠ ᠫᠠᠯᠠ᠂ ᠺᠠᠷᠫᠠᠨ 4 ᠲᠦᠮᠡᠨ ᠭᠠᠵᠠᠷ ᠠᠶᠠᠯᠠᠵᠤ ᠱᠠᠰᠢᠨ ᠬᠠᠭᠠᠨ ᠤ ᠵᠠᠬᠢᠶ᠎ᠠ ᠪᠠᠷ ᠮᠤᠩᠭᠤᠯ ᠬᠠᠭᠠᠨ ᠢ ᠡᠾᠷᠢᠰᠲ᠋ᠤᠰ ᠤᠨ ᠱᠠᠰᠢᠨ ᠤ ᠱᠠᠰᠢᠨᠳᠠᠨ ᠪᠤᠯᠭᠠᠬᠤ ᠭᠡᠵᠤ ᠰᠤᠷᠭᠠᠭᠰᠠᠨ ᠳᠤ ᠬᠦᠶᠦᠭ ᠬᠠᠭᠠᠨ ᠡᠷᠢᠶᠡᠯᠡᠯ ᠦᠭᠡᠢ ︽ᠱᠠᠰᠢᠨ ᠬᠠᠭᠠᠨ ᠴᠢ ᠡᠷᠭᠡᠪᠰᠢ ᠠᠯᠢᠪᠠ ᠶᠢᠨ ᠡᠵᠡᠨ ᠮᠤᠩᠭᠤᠯ ᠬᠠᠭᠠᠨ ᠳᠤ ᠤᠷᠤᠵᠤ ᠦᠭᠬᠦᠨ ᠦᠢᠯᠡᠴᠢᠯᠡᠬᠦ ᠭᠡᠷᠡᠭᠳᠠᠢ᠂ ᠲᠡᠷᠡ ᠦᠶ᠎ᠡ ᠳᠤ ᠪᠢᠳᠡ ᠲᠠᠨ ᠨᠢ ᠤᠷᠤᠵᠤ ᠦᠭᠪᠡ ᠭᠡᠵᠤ ᠬᠦᠯᠢᠶᠡᠨ ᠵᠦᠪᠰᠢᠶᠡᠷᠡᠨ᠎ᠡ︾ ᠭᠡᠵᠤ ᠬᠠᠳᠠᠭᠤ ᠬᠠᠷᠢᠭᠤᠯᠪᠠ᠃ ︽ᠢᠷᠡᠭᠰᠡᠳ ᠲᠤ ᠶᠠᠪᠤᠯᠴᠠᠬᠤ ᠦᠭᠡᠢ ᠪᠤᠯ ᠶᠤᠰᠤᠯᠠᠯ ᠦᠭᠡᠢ︾᠃ 1275 ᠤᠨ ᠳᠤ ᠨᠢᠷᠠᠰᠲ᠋ᠤᠷ ᠤᠨ ᠪᠦᠯᠬᠦᠮ ᠎ ᠤᠨ ᠡᠾᠷᠢᠰᠲ᠋ᠤᠰ ᠤᠨ ᠱᠠᠰᠢᠨᠳᠠᠨ ᠡᠳᠤᠭᠡ ᠶᠢᠨ ᠪᠡᠭᠡᠵᠢᠩ ᠬᠤᠳᠠ ᠶᠢᠨ ᠬᠠᠢ ᠳ᠋ᠢᠶᠠᠨ ᠨᠤᠳᠤᠭ ᠤᠨ ᠸᠧᠢ ᠬᠦᠡᠭ ᠲᠤᠰᠬᠤᠨ ᠳᠤ ᠲᠦᠷᠦᠭᠰᠡᠨ ᠤᠶᠢᠭᠤᠷ ᠬᠦᠮᠤᠨ ᠯᠠᠪᠠᠨ ᠰᠦᠮ᠎ᠡ ᠶᠤᠸᠠᠨ ᠱᠢ ᠽᠤ᠋ ᠬᠤᠪᠢᠯᠠᠢ ᠶᠢᠨ ᠨᠢᠭᠤᠴᠠ ᠲᠠᠩᠨᠠᠭᠤᠯ ᠶᠢᠨ ᠬᠤᠪᠢ ᠪᠠᠷ ᠡᠸᠦ᠋ᠷᠤᠫᠠ ᠶᠢᠨ ᠤᠯᠠᠨ ᠤᠯᠤᠰ ᠤᠨ ᠪᠠᠶᠢᠳᠠᠯ ᠢ ᠲᠤᠷᠰᠢᠬᠤ ᠶᠢᠨ ᠲᠦᠯᠤᠭᠡ ᠪᠤᠭᠳᠠ ᠬᠤᠳᠠ ᠶᠧᠷᠤᠰᠢᠯᠧᠮ ᠳᠤ ᠮᠦᠷᠬᠦᠯ ᠬᠢᠬᠦ ᠨᠡᠷ᠎ᠡ ᠪᠠᠷ ᠡᠸᠦ᠋ᠷᠤᠫᠠ ᠳᠤ ᠨᠢᠭᠤᠴᠠ ᠲᠤᠷᠰᠢᠯᠳᠠ ᠬᠢᠬᠦ ᠭᠡᠵᠤ ᠲᠤᠷᠭᠠᠨ ᠵᠠᠮ ᠢᠶᠠᠷ ᠦᠩᠭᠡᠷᠡᠬᠦ ᠳᠡᠭᠡᠨ ᠢᠯᠢ ᠬᠠᠭᠠᠨᠳᠤ ᠤᠯᠤᠰ ᠲᠤ ᠤᠯᠠᠨ ᠵᠢᠯ ᠰᠠᠭᠤᠵᠤ᠂ 1287 ᠤᠨ ᠤ 3 ᠰᠠᠷ᠎ᠠ ᠳᠤ ᠪᠠᠭᠳ᠋ᠳ᠋ ᠠᠴᠠ ᠭᠠᠷᠴᠤ ᠠᠷᠠᠯᠵᠢᠶᠠᠨ ᠤ ᠵᠠᠮ ᠢᠶᠠᠷ ᠬᠤᠶᠢᠰᠢ ᠬᠠᠷ᠎ᠠ ᠲᠠᠩᠬᠢᠰ ᠢᠶᠠᠷ ᠦᠩᠭᠡᠷᠡᠵᠤ ᠤᠩᠭᠤᠴᠠ ᠪᠠᠷ ᠬᠢᠶᠦ᠋ᠨᠰᠢᠲ᠋ᠠᠨᠳᠠᠩᠪᠤ ᠠᠴᠠ ᠡᠸᠦ᠋ᠷᠤᠫᠠ ᠲᠢᠪ ᠲᠤ ᠬᠦᠷᠴᠤ᠂ ᠬᠠᠮᠤᠭ ᠰᠡᠬᠦᠯᠡᠷ ᠮᠦᠨ ᠤᠨ ᠤ ᠡᠪᠤᠯ ᠹᠷᠠᠨᠼᠢ ᠶᠢᠨ ᠡᠮᠤᠨ᠎ᠡ ᠭᠡᠰᠡᠭ ᠵᠢᠶᠠᠰᠺᠠᠨᠢ ᠳᠤ ᠬᠦᠷᠴᠤ ᠠᠩᠭ᠍ᠯᠢ ᠶᠢᠨ ᠦᠨᠳᠦᠷ ᠬᠦᠯᠳᠤ ᠸᠠᠩ ᠠᠶᠢᠳᠠᠬᠤᠸᠠ ᠨᠢᠭᠡᠳᠤᠭᠡᠷ ᠲᠠᠢ ᠠᠭᠤᠯᠵᠠᠵᠤ᠂ ᠡᠮᠤᠨ᠎ᠡ 1054 ᠤᠨ ᠡᠾᠠᠷᠢᠰᠲ᠋ᠤᠰ ᠤᠨ ᠱᠠᠰᠢᠨ ᠷᠤᠮᠠ ᠡᠾᠷᠢᠰᠲ᠋ᠤᠰ ᠪᠡ ᠳ᠋ᠦᠡᠭ ᠵᠸᠡᠭ ᠰᠤᠷᠳᠠᠬᠤᠨ ᠬᠤᠶᠠᠷ ᠪᠤᠯᠤᠨ ᠬᠠᠭᠠᠷᠠᠯ ᠭᠠᠷᠴᠤ᠂ ᠨᠢᠰᠰᠤᠷᠢ ᠶᠢᠨ ᠰᠤᠷᠳᠠᠬᠤᠨ ᠢ ᠲᠠᠷᠤᠯᠠᠭᠰᠠᠨ ᠪᠤᠯᠪᠠᠴᠤ ᠡᠨᠡ ᠤᠳᠠᠭᠠᠨ ᠤ ᠮᠤᠩᠭᠤᠯ ᠤᠨ ᠯᠠᠪᠠᠨ ᠤ ᠰᠦᠮ᠎ᠡ ᠶᠢᠨ ᠪᠦᠯᠬᠦᠮ ᠢ ᠬᠦᠨᠳᠤᠳᠡ ᠲᠠᠶᠢᠯᠠᠵᠤ᠂ ᠷᠤᠮᠠ ᠪᠠᠷ ᠦᠩᠭᠡᠷᠡᠬᠦ ᠎ ᠳᠤ ᠬᠠᠭᠠᠨ ᠱᠠᠰᠢᠨ ᠨᠢᠺᠤᠯᠠ ᠲᠦᠷᠪᠡᠳᠤᠭᠡᠷ ᠲᠡᠭᠳᠡᠷ ᠲᠡᠭᠡᠷ᠎ᠡ ᠠᠴᠠ ᠪᠠᠨ ᠪᠠᠭᠤᠵᠤ ᠦᠪᠡᠷ ᠢᠶᠠᠷ ᠪᠤᠳᠠᠭᠠᠨ ᠰᠢᠷᠡᠭᠡ ᠵᠠᠰᠠᠵᠤ ᠬᠦᠨᠳᠤᠳᠭᠡᠨ ᠵᠤᠴᠢᠯᠠᠪᠠ᠃ ᠤᠴᠢᠷ ᠨᠢ ᠡᠨᠡ ᠯᠠᠪᠠᠨ ᠰᠦᠮ᠎ᠡ ᠶᠢᠨ ᠪᠦᠯᠬᠦᠮ ᠤᠨ ᠬᠤᠶᠢᠳᠠᠢ ᠲᠠᠯ᠎ᠠ ᠳᠤ ᠶᠡᠭᠡ ᠮᠤᠩᠭᠤᠯ ᠬᠠᠭᠠᠨᠳᠤ ᠤᠯᠤᠰ ᠪᠠᠶᠢᠵᠤ᠂ ᠲᠡᠷᠡ ᠪᠠᠰᠠ ᠵᠡᠬᠦᠨ ᠠᠽᠢᠶ᠎ᠠ ᠠᠴᠠ ᠡᠸᠦ᠋ᠷᠤᠫᠠ ᠲᠢᠪ ᠲᠤ ᠲᠤᠮᠢᠯᠠᠭᠰᠠᠨ ᠲᠡᠷᠢᠬᠦᠨ ᠡᠯᠴᠢ ᠪᠤᠯᠬᠤᠷ ᠡᠯ᠎ᠡ ᠤᠯᠤᠰ ᠡᠪᠳᠡᠷᠡᠯᠴᠡᠬᠦ ᠠᠴᠠ ᠠᠶᠤᠨ᠎ᠠ᠃ 5. ᠲᠤᠷᠭᠠᠨ ᠵᠠᠮ ᠤᠨ ᠲᠠᠯᠠᠪᠤᠷ ᠲᠤᠶᠠᠭ᠎ᠠᠬᠦᠭᠡᠷᠤᠬᠦᠢ᠂ ᠮᠤᠩᠭᠤᠯ ᠤᠨ ᠡᠩᠭᠡ ᠲᠠᠶᠢᠪᠤᠡᠭ ᠲᠡᠮᠡᠢ ᠤᠳᠠᠭᠰᠠᠨ ᠦᠭᠡᠢ᠂ 1262 ᠤᠨ ᠳᠤ ᠲᠤᠷᠭᠠᠨ ᠵᠠᠮ ᠶᠡᠭᠡ ᠲᠠᠭᠠᠷᠢᠭᠳᠠᠪᠠ᠂ ᠡᠨᠡ ᠵᠢᠯ ᠳᠤ ᠢᠯᠢ ᠤᠯᠤᠰ ᠤᠨ ᠬᠠᠭᠠᠨ ᠬᠤᠯᠠᠭᠤ ᠶᠢᠨ ᠦᠶᠡᠯᠡᠳ ᠠᠬ᠎ᠠ ᠴᠡᠴᠡᠨ ᠤᠯᠤᠰ ᠎ ᠤᠨ ᠬᠠᠭᠠᠨ ᠪᠢᠷᠭᠡᠢ ᠲᠠᠢ ᠠᠽᠧᠷᠪᠠᠶᠢᠵᠠᠨ ᠤ ᠤᠷᠤᠨ ᠢ ᠪᠤᠯᠢᠶᠠᠯᠳᠤᠨ ᠴᠡᠷᠢᠭ ᠬᠦᠳᠡᠯᠭᠡᠪᠡ᠃ ᠴᠢᠩᠬᠢᠰ ᠬᠠᠭᠠᠨ ᠤ ᠬᠤᠶᠢᠴᠢᠰ ᠬᠠᠷᠢᠯᠴᠠᠨ ᠠᠯᠠᠯᠳᠤᠵᠤ᠂ ᠠᠷᠠᠯᠵᠢᠶᠠᠨ ᠤ ᠦᠢᠯᠡᠰ ᠡᠪᠳᠡᠭᠳᠡᠵᠤ᠂ ᠲᠠᠶᠢᠨ ᠤ ᠰᠡᠬᠦᠯᠡᠷ ᠬᠤᠯᠠᠭᠤ ᠠᠴᠠ ᠪᠢᠷᠺᠠᠢ ᠶᠢᠨ ᠤᠭᠰᠠᠭ᠎ᠠ ᠶᠢ ᠪᠦᠷ ᠠᠯᠠᠵᠤ᠂ ᠲᠡᠳᠡᠨ ᠤ ᠡᠳ᠋ ᠬᠦᠷᠤᠩᠭᠡ ᠶᠢ ᠤᠯᠤᠰ ᠤᠨ ᠰᠠᠩ ᠳᠤ ᠬᠦᠷᠭᠡᠨ ᠤᠷᠤᠭᠤᠯᠵᠤ᠂ ᠪᠠᠷᠺᠠᠢ ᠦᠰᠢᠶ᠎ᠡ ᠠᠪᠬᠤ ᠶᠢᠨ ᠲᠦᠯᠤᠭᠡ ᠬᠤᠯᠠᠭᠤ ᠶᠢᠨ ᠠᠷᠠᠯᠵᠢᠶᠠᠴᠢᠨ ᠢ ᠪᠦᠷ ᠠᠯᠠᠪᠠ᠃ ᠡᠨᠡᠬᠦ ᠨᠢᠬᠦᠯᠳᠤ ᠢᠷᠸ᠎ᠠ ᠠᠴᠠ ᠪᠤᠯᠵᠤ ᠡᠩᠭᠡ ᠲᠠᠶᠢᠪᠤᠡᠭ ᠦᠷᠬᠦᠯᠵᠢᠯᠡᠭᠰᠡᠨ ᠲᠤᠷᠭᠠᠨ ᠵᠠᠮ ᠪᠠᠭᠤᠷᠠᠵᠤ᠂ ᠮᠤᠩᠭᠤᠯ ᠤᠨ ᠨᠤᠶᠠᠷᠬᠠᠯ ᠲᠤᠤᠷ᠎ᠠ ᠶᠡᠭᠡ ᠲᠤᠷᠤᠶᠢᠳᠠᠬᠤ ᠵᠦᠭ ᠲᠤ ᠬᠠᠨᠳᠤᠪᠠ᠃ 13 ᠳ᠋ᠤᠭᠠᠷ ᠵᠠᠭᠤᠨ ᠤ ᠰᠡᠬᠦᠯᠴᠢ ᠦᠶ᠎ᠡ ᠳᠤ ᠬᠤᠪᠢᠯᠠᠢ ᠶᠢᠨ ᠦᠶᠡᠯᠡᠳ ᠲᠡᠬᠦᠤ ᠬᠠᠶᠢᠳᠤ ᠪᠠᠷ ᠲᠤᠯᠤᠭᠠᠶᠢᠯᠠᠭᠰᠠᠨ ᠦᠭᠡᠳᠠᠢ ᠴᠠᠭᠠᠳᠠᠢ ᠬᠠᠭᠠᠨᠳᠤ ᠤᠯᠤᠰ ᠤᠨ ᠡᠯ᠎ᠡ ᠸᠠᠩ ᠴᠡᠷᠢᠭ ᠭᠠᠷᠭᠠᠨ ᠶᠤᠸᠠᠨ ᠤᠯᠤᠰ ᠢ ᠡᠰᠡᠷᠬᠦᠴᠡᠵᠤ᠂ ᠵᠢᠩᠬᠢᠨᠢ ᠮᠠᠯᠴᠢᠨ ᠤ ᠲᠠᠯ᠎ᠠ ᠨᠤᠳᠤᠭᠳᠤ ᠤᠯᠤᠰ ᠪᠤᠯᠭᠠᠬᠤ ᠬᠢᠵᠤ ᠤᠷᠤᠯᠳᠤᠪᠠ᠃ ᠡᠨᠡ ᠤᠷᠪᠠᠯᠭᠠᠨ ᠠᠴᠠ ᠪᠤᠯᠵᠤ ᠲᠤᠷᠭᠠᠨ ᠵᠠᠮ ᠢ ᠲᠠᠭᠠᠤ  ᠡᠯ᠎ᠡ ᠬᠤᠳᠠ ᠪᠠᠯᠭᠠᠰᠤ ᠲᠠᠶᠢᠨ ᠤ ᠭᠠᠰᠢᠭᠤᠨ ᠳᠤ ᠡᠪᠳᠡᠭᠳᠡᠵᠤ᠂ ᠡᠸᠦ᠋ᠷᠤᠫᠠ᠂ ᠪᠠᠷᠠᠭᠤᠨ ᠠᠽᠢᠶ᠎ᠠ᠂ ᠵᠡᠬᠦᠨ ᠠᠽᠢᠶ᠎ᠠ ᠶᠢᠨ ᠬᠤᠭᠤᠷᠤᠨᠳᠤᠬᠢ ᠠᠷᠠᠯᠵᠢᠶ᠎ᠠ ᠨᠢᠭᠡᠨ ᠦᠶ᠎ᠡ ᠪᠠᠶᠢᠨ ᠪᠠᠶᠢᠨ ᠲᠠᠰᠤᠷᠠᠵᠤ ᠪᠠᠶᠢᠨ ᠪᠠᠶᠢᠨ ᠦᠷᠬᠦᠯᠵᠢᠯᠡᠵᠤ᠂ ᠮᠠᠷᠺᠤ ᠫᠤᠯᠤ ᠦᠭᠡᠴᠡᠨ ᠶᠢ ᠢᠯᠢ ᠤᠯᠤᠰ ᠲᠤ ᠬᠦᠷᠭᠡᠬᠦ ᠳᠤ ᠠᠷᠭ᠎ᠠ ᠦᠭᠡᠢ ᠦᠭᠡᠷ᠎ᠡ ᠲᠠᠯᠠᠢ ᠶᠢᠨ ᠵᠠᠮ ᠢᠶᠠᠷ ᠬᠦᠷᠭᠡᠪᠡ᠃ 1305 ᠤᠨ ᠳᠤ ᠪᠠᠷᠠᠭᠤᠨ ᠡᠸᠦ᠋ᠷᠤᠫᠠ ᠶᠢᠨ ᠲᠠᠭᠤᠯᠠᠬᠤ ᠨᠤᠮᠴᠢ ᠸᠧᠬᠠᠨ᠂ ᠺᠠᠷᠸᠧᠠᠨᠤ ᠪᠡᠭᠡᠵᠢᠩ ᠬᠤᠳᠠ ᠠᠴᠠ ᠵᠠᠬᠢᠳᠠᠯ ᠪᠢᠴᠢᠵᠤ ᠵᠡᠬᠦᠨ ᠪᠠᠷᠠᠭᠤᠨ ᠲᠠᠯᠠᠢ ᠶᠢᠨ ᠵᠠᠮ ᠬᠠᠭᠤᠷᠠᠢ ᠵᠠᠮ ᠪᠦᠷ ᠲᠠᠶᠢᠨ ᠤ ᠰᠢᠯᠳᠠᠭᠠᠨ ᠢᠶᠠᠷ ᠬᠦᠴᠢᠷᠳᠡᠵᠤ ᠶᠠᠭ ᠠᠮᠤᠷ ᠲᠠᠪᠰᠢᠨ ᠦᠭᠡᠢ᠂ ᠪᠠᠷᠠᠭᠤᠨ ᠡᠳᠡᠭᠡᠳ ᠤᠨ ᠴᠢᠮᠡᠭᠡ 12 ᠵᠢᠯ ᠲᠠᠰᠤᠷᠠᠪᠠ ᠭᠡᠵᠡᠢ᠃ ᠬᠠᠶᠢᠳᠤ ᠬᠠᠯᠢᠭᠰᠠᠨ ᠤ ᠰᠡᠬᠦᠯᠡᠷ ᠬᠠᠷᠢᠯᠴᠠᠨ ᠠᠯᠠᠯᠠᠳᠤᠬᠤ ᠶᠢ ᠵᠢᠭ᠍ᠰᠢᠵᠤ ᠪᠦᠬᠦᠳᠡᠭᠡᠷ ᠶᠤᠸᠠᠨ ᠤᠯᠤᠰ ᠤᠨ ᠬᠠᠭᠠᠨ ᠢ ᠪᠦᠬᠦ ᠮᠤᠩᠭᠤᠯ ᠬᠠᠭᠠᠨᠳᠤ ᠤᠯᠤᠰ ᠤᠨ ᠡᠵᠡᠨ ᠬᠢᠵᠤ ᠨᠠᠶᠢᠷᠠᠮᠳᠠᠯ ᠤᠨ ᠭᠡᠷ᠎ᠡ ᠲᠤᠭᠳᠠᠭᠠᠪᠠ᠃ 1305 ᠤᠨ ᠳᠤ ᠢᠯᠢ ᠬᠠᠭᠠᠨᠳᠤ ᠤᠯᠤᠰ ᠤᠨ ᠡᠵᠡᠨ ᠸᠠᠨᠵᠠᠳᠤ ᠹᠷᠠᠨᠽᠢ ᠤᠨ ᠸᠠᠩ ᠰᠤᠶᠢᠯᠢ ᠲᠦᠷᠪᠡᠳᠤᠭᠡᠷ ᠲᠤ ᠵᠠᠬᠢᠳᠠᠯ ᠪᠢᠴᠢᠨ ︽ᠴᠢᠩᠬᠢᠰ ᠬᠠᠭᠠᠨ ᠤ ᠬᠤᠶᠢᠴᠢᠰ ᠨᠢᠭᠡᠨᠳᠡ ᠲᠠᠶᠢᠨ ᠢ ᠵᠤᠭᠰᠤᠭᠠᠪᠠ᠂ ᠬᠠᠭᠠᠨᠳᠤ ᠤᠯᠤᠰ ᠦᠩᠭᠡᠷᠡᠭᠰᠡᠨ ᠲᠠᠢ ᠠᠳᠠᠯᠢ ᠪᠤᠯᠵᠤ᠂ ᠲᠤᠮᠳᠠᠳᠤ ᠯᠤᠤᠰ ᠠᠴᠠ ᠲᠤᠳᠤᠷ᠎ᠠ ᠲᠠᠩᠬᠢᠰ ᠬᠦᠷᠳᠡᠯ᠎ᠡ ᠪᠦᠷ ᠨᠢᠭᠡᠳᠪᠡ︾ ᠭᠡᠵᠡᠢ᠃ ᠭᠡᠳᠡᠯ᠎ᠡ ᠡᠨᠡ ᠠᠨᠤ ᠡᠴᠤᠰ ᠤᠨ ᠭᠡᠭᠡ ᠠᠴᠠ ᠲᠠᠳᠠᠬᠤ ᠲᠡᠳᠤᠢ ᠪᠤᠯᠠᠢ᠃ 14 ᠳ᠋ᠤᠭᠠᠷ ᠵᠠᠭᠤᠨ ᠤ ᠲᠤᠮᠳᠠ ᠬᠤᠶᠢᠨ᠎ᠠ ᠶᠡᠭᠡ ᠮᠤᠩᠭᠤᠯ ᠬᠠᠭᠠᠨᠳᠤ ᠤᠯᠤᠰ ᠨᠤᠷᠠᠨ ᠰᠤᠶᠢᠷᠠᠵᠤ᠂ ᠲᠤᠷᠭᠠᠨ ᠵᠠᠮ ᠤᠨ ᠤᠯᠤᠰ ᠲᠦᠷᠤ ᠶᠢᠨ ᠭᠠᠵᠠᠷ ᠵᠢᠷᠤᠭ ᠲᠠᠬᠢᠨ ᠤᠷᠠᠩ ᠰᠡᠷᠡᠩ ᠪᠤᠯᠵᠤ᠂ 1346 ᠤᠨ ᠲᠠᠶᠢᠨ ᠲᠠᠵᠢᠨ ᠲᠠᠰᠤᠷᠠᠭ᠎ᠠ ᠦᠭᠡᠢ᠂ ᠴᠠᠭᠠᠳᠠᠢ ᠬᠠᠭᠠᠨᠳᠤ ᠤᠯᠤᠰ ᠵᠡᠬᠦᠨ ᠪᠠᠷᠠᠭᠤᠨ ᠬᠤᠶᠠᠷ ᠭᠡᠰᠡᠭ ᠪᠤᠯᠤᠨ ᠬᠠᠭᠠᠷᠠᠪᠠ︔ 1353 ᠤᠨ ᠬᠠᠮᠤᠭ ᠰᠡᠬᠦᠯ ᠤᠨ ᠢᠯᠢ ᠬᠠᠭᠠᠨ ᠲᠤᠩᠬᠤᠮᠤᠷ ᠠᠯᠠᠭᠳᠠᠵᠤ᠂ ᠢᠯᠢ ᠬᠠᠭᠠᠨᠳᠤ ᠤᠯᠤᠰ ᠮᠦᠬᠦᠪᠡ︔ 1368 ᠤᠨ ᠳᠤ ᠮᠢᠩ ᠤᠯᠤᠰ ᠤᠨ ᠴᠡᠷᠢᠭ ᠪᠡᠭᠡᠵᠢᠩ ᠢ ᠡᠵᠡᠯᠡᠵᠤ ᠲᠤᠭᠤᠭᠠᠨ ᠲᠡᠮᠦᠷ ᠬᠠᠭᠠᠨ ᠬᠤᠶᠢᠰᠢ ᠰᠢᠯᠵᠢᠨ ᠶᠠᠪᠤᠵᠤ︔ 1380 ᠤᠨ ᠴᠡᠨᠴᠡ ᠤᠯᠤᠰ ᠤᠨ ᠴᠡᠷᠢᠭ ᠺᠦᠺᠢᠺᠠᠸᠠ ᠳᠤ ᠢᠯᠠᠭᠳᠠᠵᠤ ᠮᠤᠰᠺᠧᠨ ᠬᠦᠡᠭ ᠤᠯᠤᠰ ᠮᠤᠩᠭᠤᠯ ᠤᠨ ᠨᠤᠶᠠᠷᠬᠠᠯ ᠠᠴᠠ ᠠᠩᠵᠢᠷᠠᠵᠤ ᠴᠢᠯᠤᠭᠡᠳᠠᠢ ᠪᠤᠯᠪᠠ᠃ ᠲᠠᠯ᠎ᠠ ᠨᠤᠳᠤᠭ ᠠᠴᠠ ᠶᠠᠪᠤᠵᠤ ᠭᠠᠷᠤᠭᠰᠠᠨ ᠮᠤᠩᠭᠤᠯ ᠬᠦᠮᠤᠨ ᠭᠡᠳᠤᠨ ᠠᠷᠪᠠᠨ ᠵᠢᠯ ᠤᠨ ᠬᠤᠭᠤᠷᠤᠨᠳᠤ ᠲᠡᠯᠡᠭᠡᠢ ᠶᠢᠨ ᠬᠠᠭᠠᠰ ᠤᠷᠤᠨ ᠢ ᠡᠵᠡᠯᠡᠭᠰᠡᠨ ᠪᠤᠯᠪᠠᠴᠤ ᠲᠦᠷᠭᠡᠨ ᠢᠶᠠᠷ ᠬᠠᠭᠠᠴᠠᠨ ᠰᠠᠷᠨᠢᠵᠤ᠂ ᠡᠮᠤᠨ᠎ᠡ ᠰᠦᠡᠭ ᠤᠯᠤᠰ ᠢ ᠤᠰᠠᠳᠬᠠᠭᠠᠳ 100 ᠵᠢᠯ ᠤᠨ ᠠᠷᠠᠢ ᠬᠦᠷᠤᠭᠡᠳᠤᠢ ᠴᠡᠨᠴᠡ ᠤᠯᠤᠰ ᠠᠴᠠ ᠭᠠᠳᠠᠨ᠎ᠠ ᠮᠤᠩᠭᠤᠯ ᠤᠨ ᠨᠤᠶᠠᠷᠬᠠᠬᠤ ᠬᠦᠴᠤᠨ ᠲᠠᠬᠢᠨ ᠮᠤᠩᠭᠤᠯ ᠤᠨ ᠲᠠᠯ᠎ᠠ ᠨᠤᠳᠤᠭ ᠲᠠᠭᠠᠨ ᠡᠷᠬᠢᠵᠤ ᠢᠷᠡᠪᠡ᠃ ᠶᠤᠸᠠᠨ ᠤᠯᠤᠰ ᠢ ᠲᠦᠯᠬᠢᠨ ᠤᠨᠠᠭᠠᠭᠰᠠᠨ ᠮᠢᠩ ᠤᠯᠤᠰ ᠬᠠᠨ ᠲᠠᠩ ᠦᠶ᠎ᠡ ᠶᠢᠨ ᠬᠢᠵᠠᠭᠠᠷ ᠢ ᠰᠡᠷᠬᠦᠭᠡᠵᠤ ᠴᠢᠳᠠᠭᠰᠠᠨ ᠦᠭᠡᠢ᠂ ᠳ᠋ᠦᠨ ᠬᠤᠸᠠᠩ ᠬᠠᠶᠠᠭᠳᠠᠮᠠᠯ ᠤᠷᠤᠨ ᠪᠤᠯᠵᠤ᠂ ᠵᠦᠡᠭ ᠶᠤᠸᠠᠨ ᠤᠷᠤᠨ ᠡᠳᠤᠷ ᠡᠳᠤᠷ ᠠᠴᠠ ᠪᠠᠭᠠᠰᠴᠤ᠂ ᠡᠴᠤᠰ ᠲᠡᠭᠡᠨ ᠴᠠᠭᠠᠨ ᠭᠡᠷᠡᠮ ᠤᠨ ᠲᠤᠳᠤᠷ᠎ᠠ᠂ ᠵᠢᠶᠠ ᠢᠤᠢ ᠭᠤᠸᠠᠨ ᠠᠴᠠ ᠵᠡᠬᠦᠨᠰᠢ ᠪᠤᠯᠤᠨ ᠬᠤᠷᠤᠭᠳᠠᠵᠤ᠂ ᠶᠤᠸᠠᠨ ᠤᠯᠤᠰ ᠤᠨ ᠦᠯᠡᠳᠡᠭᠳᠡᠯ ᠬᠦᠴᠤᠨ ᠴᠠᠭᠠᠨ ᠭᠡᠷᠡᠮ ᠬᠦᠷᠴᠤ᠂ ᠲᠡᠭᠷᠢ ᠠᠭᠤᠯᠠ ᠶᠢᠨ ᠡᠮᠤᠨ᠎ᠡ ᠤᠮᠠᠷ᠎ᠠ ᠵᠡᠬᠦᠨ ᠴᠠᠭᠠᠳᠠᠢ ᠤᠯᠤᠰ ᠤᠨ ᠨᠤᠳᠤᠭ ᠲᠡᠪᠢᠰᠭᠡᠷ ᠪᠤᠯᠵᠤ ᠮᠤᠩᠭᠤᠯ ᠤᠨ ᠡᠳᠡᠭᠡᠷ ᠬᠦᠴᠤᠨ ᠪᠦᠷ ᠮᠢᠩ ᠤᠯᠤᠰ ᠤᠨ ᠬᠦᠴᠦᠷᠭᠡᠭ ᠲᠠᠶᠢᠰᠤᠨ ᠪᠤᠯᠵᠤ᠂ ᠲᠤᠮᠳᠠᠳᠤ ᠤᠯᠤᠰ ᠪᠠᠷᠠᠭᠤᠨ ᠤᠷᠤᠨ ᠤ ᠤᠯᠠᠨ ᠤᠯᠤᠰ ᠤᠨ ᠬᠠᠭᠤᠷᠠᠢ ᠵᠠᠮ ᠪᠦᠭᠯᠡᠭᠳᠡᠵᠤ᠂ ᠠᠷᠠᠯᠵᠢᠶᠠᠨ ᠤ ᠬᠦᠮᠤᠨ ᠡᠳᠤᠷ ᠠᠴᠠ ᠡᠳᠤᠷ ᠴᠦᠭᠡᠭᠡᠷᠡᠵᠤ᠂ ᠲᠤᠷᠭᠠᠨ ᠵᠠᠮ ᠤᠨ ᠠᠯᠳᠠᠨ ᠦᠶ᠎ᠡ ᠨᠢᠭᠡᠨᠳᠡ ᠦᠭᠡᠢ ᠪᠤᠯᠪᠠ᠃ 14 ᠳ᠋ᠤᠭᠡᠷ ᠤ ᠰᠡᠬᠦᠯᠡᠷ ᠭᠡᠨᠡᠳᠳᠡ ᠬᠦᠴᠦᠷᠭᠡᠭᠵᠢᠭᠰᠡᠨ ᠲᠡᠮᠦᠷ ᠬᠠᠭᠠᠨᠳᠤ ᠤᠯᠤᠰ ᠲᠤᠷᠭᠠᠨ ᠵᠠᠮ ᠢ ᠰᠡᠷᠬᠦᠨ ᠬᠦᠭᠵᠢᠬᠦᠯᠬᠦ ᠨᠦᠬᠦᠴᠡᠯ ᠲᠠᠢ ᠪᠤᠯᠵᠤ᠂ ᠤᠬᠤᠷᠬᠠᠨ ᠴᠠᠭ ᠲᠤ ᠲᠡᠮᠦᠷ ᠬᠠᠭᠠᠨᠳᠤ ᠤᠯᠤᠰ ᠪᠠᠷᠤᠭ ᠲᠦᠯᠤᠪ ᠦᠩᠭᠡᠷᠡᠭᠰᠡᠨ ᠤ ᠴᠠᠭᠠᠳᠠᠢ ᠤᠯᠤᠰ ᠢᠯᠢ ᠤᠯᠤᠰ ᠢ ᠡᠵᠡᠯᠡᠨ ᠰᠡᠷᠬᠦᠭᠡᠪᠡ᠃ ᠲᠡᠮᠦᠷ ᠬᠠᠭᠠᠨ ᠦᠪᠡᠷ ᠤᠨ ᠤᠯᠤᠰ ᠎ ᠲᠠᠭᠠᠨ ᠲᠠᠬᠢᠨ ᠤᠯᠠᠭ᠎ᠠ ᠪᠤᠰᠬᠠᠵᠤ᠂ ᠤᠯᠠᠭ᠎ᠠ ᠤᠯᠠᠭ᠎ᠠ ᠶᠢᠨ ᠬᠤᠭᠤᠷᠤᠨᠳᠤ ᠨᠢᠭᠡ ᠡᠳᠤᠷ ᠤᠨ ᠵᠠᠮᠨᠠᠬᠤ ᠵᠠᠶᠢᠳᠠᠢ᠂ ᠶᠡᠭᠡ ᠤᠯᠠᠭ᠎ᠠ ᠳᠤ 100 ᠢᠯᠡᠬᠦᠤ ᠤᠨᠤᠬᠤ ᠮᠤᠷᠢ ᠲᠠᠢ᠃ ᠢᠩᠬᠢᠭᠡᠳ ᠲᠤᠷᠭᠠᠨ ᠵᠠᠮ ᠤᠨ ᠪᠠᠷᠠᠭᠤᠨᠰᠢ ᠵᠠᠮ ᠠᠷᠠᠯᠵᠢᠶ᠎ᠠ ᠮᠠᠶᠢᠮᠠᠢ ᠨᠦᠬᠦᠴᠡᠯ ᠲᠠᠢ ᠪᠤᠯᠵᠤ᠂ ᠺᠠᠰᠲ᠋ᠢᠶᠠᠯᠢ ᠶᠢᠨ ᠡᠯᠴᠢ ᠺᠠᠯᠠᠸᠧᠠᠶ᠋ᠸᠧ 1404 ᠤᠨ ᠤ 9 ᠰᠠᠷ᠎ᠠ ᠎ ᠳᠤ ᠡᠨᠡ ᠲᠤᠷᠭᠠᠨ ᠵᠠᠮ ᠢᠶᠠᠷ ᠰᠡᠮᠡᠷᠺᠠᠨᠳᠠ ᠬᠦᠷᠴᠤ ᠲᠡᠮᠦᠷ ᠬᠠᠭᠠᠨ ᠢ ᠪᠠᠷᠠᠭᠠᠳᠠᠪᠠ᠃ ᠲᠡᠷᠡ ᠦᠶ᠎ᠡ ᠳᠤ ᠡᠨᠡ ᠲᠤᠷᠭᠠᠨ ᠵᠠᠮ ᠭᠡᠳᠤᠨ ᠶᠡᠭᠡ ᠵᠠᠮ ᠲᠠᠢ᠂ ᠭᠤᠤᠯᠳᠠᠭᠤ ᠪᠦᠰᠧ᠂ ᠬᠤᠶᠠᠷ ᠭᠤᠤᠯ ᠤᠨ ᠤᠷᠤᠰᠬᠠᠯ᠂ ᠠᠹᠭᠠᠨᠢᠰᠲ᠋ᠠᠨ᠂ ᠡᠨᠡᠳᠭᠡᠭ᠂ ᠲᠡᠭᠷᠢ ᠠᠭᠤᠯᠠ ᠵᠡᠷᠭᠡ ᠤᠷᠤᠨ ᠪᠡ ᠴᠡᠨᠴᠡ ᠡᠪᠡᠰᠤ ᠪᠡᠯᠴᠢᠭᠡᠷ ᠵᠡᠷᠭᠡ ᠵᠦᠭ ᠤᠴᠢᠵᠤ ᠠᠷᠠᠯᠵᠢᠶ᠎ᠠ ᠬᠢᠨ᠎ᠡ᠃ ᠺᠠᠯᠠᠸᠧᠨᠶ᠋ᠸᠧ  ︽ᠰᠡᠮᠡᠷᠺᠠᠨᠳᠠ ᠨᠢᠭᠡᠨᠳᠡ ᠤᠯᠠᠨ ᠤᠯᠤᠰ ᠤᠨ ᠠᠷᠠᠯᠵᠢᠶ᠎ᠠ ᠮᠠᠶᠢᠮᠠᠢ ᠶᠢᠨ ᠲᠦᠪ ᠤᠷᠤᠨ ᠪᠤᠯᠵᠤ᠂ ᠬᠤᠪᠤᠷ ᠡᠳ᠋ ᠡᠷᠳᠡᠨᠢ ᠡᠨᠡ ᠬᠤᠳᠠ ᠳᠤ ᠲᠦᠪᠯᠡᠷᠡᠵᠤ᠂ ᠭᠠᠵᠠᠷ ᠤᠨ ᠲᠤᠮᠳᠠᠳᠤ ᠲᠠᠩᠬᠢᠰ ᠲᠤ ᠦᠵᠡᠭᠳᠡᠬᠦ ᠦᠭᠡᠢ︾ ᠭᠡᠵᠡᠢ᠃ ᠰᠠᠮᠠᠷᠺᠠᠨᠳᠠ ᠬᠤᠳᠠ ᠶᠢᠨ ᠬᠦᠭᠵᠢᠯ ᠠᠨᠤ ᠴᠦᠭᠡᠭᠡᠨ ᠭᠡᠳᠤᠨ ᠬᠤᠳᠠᠨ ᠤ ᠨᠢᠭᠡ ᠪᠤᠯᠤᠨ᠎ᠠ᠃ ᠲᠤᠷᠭᠠᠨ ᠵᠠᠮ ᠤᠨ ᠤᠨᠳᠤᠤ ᠭᠠᠵᠠᠷ ᠢ ᠲᠡᠮᠦᠷ ᠬᠠᠭᠠᠨ ᠲᠠᠶᠢᠴᠢᠯᠠᠬᠤ ᠶᠢᠨ ᠶᠠᠪᠤᠴᠠ ᠳᠤ ᠤᠯᠠᠩᠬᠢ ᠨᠢ ᠲᠠᠶᠢᠨ ᠳᠤ ᠡᠪᠳᠡᠭᠳᠡᠵᠤ ᠶᠠᠭᠤ ᠴᠤ ᠦᠭᠡᠢ ᠪᠤᠯᠵᠠᠢ᠃ ᠶᠠᠭ ᠮᠤᠩᠭᠤᠯ ᠴᠡᠷᠢᠭ ᠪᠦᠰᠧ᠂ ᠲᠤᠮᠳᠠ ᠠᠽᠢᠶ᠎ᠠ ᠶᠢᠨ ᠤᠯᠠᠨ ᠤᠷᠤᠨ ᠢ ᠲᠠᠶᠢᠯᠠᠨ ᠡᠪᠳᠡᠭᠰᠡᠨ ᠠᠳᠠᠯᠢ ᠪᠦᠷ ᠡᠪᠳᠡᠭᠳᠡᠵᠡᠢ᠃ ᠭᠠᠯ ᠤᠰᠤᠨ ᠤ ᠭᠠᠰᠢᠭᠤᠨ ᠵᠤᠪᠠᠯᠠᠩ ᠲᠠᠢ ᠢᠤᠯᠦᠶᠢᠩᠵᠠᠶᠢᠤᠤᠤ ᠬᠤᠳᠠ 1379 ᠤᠨ ᠳᠤ ᠲᠡᠮᠦᠷ ᠬᠠᠭᠠᠨ ᠤ ᠴᠡᠷᠢᠭ ᠲᠤ ᠡᠪᠳᠡᠭᠳᠡᠨ ᠭᠠᠭᠴᠠ ᠡᠪᠳᠡᠷᠭᠡᠢ ᠰᠠᠭᠤᠷᠢ ᠦᠯᠡᠳᠡᠪᠡ᠃ ᠨᠡᠩ ᠵᠤᠯ ᠪᠤᠰᠤ ᠨᠢ ᠰᠢᠰᠲ᠋ᠠᠨ ᠬᠤᠳᠠ ᠪᠤᠯᠤᠨ᠎ᠠ᠂ 1384 ᠤᠨ ᠳᠤ ᠡᠨᠡᠬᠦ ᠭᠡᠳᠤᠨ ᠮᠢᠩᠭᠠᠨ ᠤᠨ ᠪᠠᠳᠠᠷᠠᠨ ᠬᠦᠭᠵᠢᠭᠰᠡᠨ ᠬᠤᠳᠠ ᠲᠡᠮᠦᠷ ᠬᠠᠭᠠᠨ ᠢ ᠡᠰᠡᠷᠬᠦᠴᠡᠭᠰᠡᠨ  ᠰᠢᠯᠳᠠᠭᠠᠨ ᠢᠶᠠᠷ ᠦᠬᠦᠯ ᠤᠨ ᠠᠶᠤᠯ ᠳᠤ ᠤᠴᠠᠷᠠᠵᠤ᠂ ᠪᠦᠬᠦ ᠬᠤᠳᠠᠨ ᠦᠨᠡᠰᠤᠨ ᠲᠤᠪᠷᠠᠭ ᠪᠤᠯᠭᠠᠵᠤ᠂ ᠬᠦᠮᠤᠨ ᠢ ᠨᠢ ᠠᠯᠠᠨ ᠠᠯᠠᠨ ᠲᠤᠨᠢᠯᠭᠠᠵᠤ᠂ ᠬᠤᠳᠳᠤᠭ ᠲᠤ ᠨᠢ ᠬᠤᠤᠷ ᠬᠢᠵᠤ ᠪᠦᠭᠯᠡᠪᠡ᠃ 1395 ᠤᠨ ᠳᠤ ᠲᠡᠮᠦᠷ ᠬᠠᠭᠠᠨ ᠤ ᠴᠡᠷᠢᠭ ᠴᠡᠨᠴᠡ ᠤᠯᠤᠰ ᠤᠨ ᠨᠡᠶᠢᠰᠯᠡᠯ ᠬᠤᠳᠠ ᠰᠠᠯᠠᠢ ᠶᠢ ᠡᠪᠳᠡᠵᠤ᠂ ᠬᠤᠳᠠ ᠶᠢᠨ ᠬᠦᠮᠤᠨ ᠦᠯᠡᠳᠡᠭᠡᠯ ᠦᠭᠡᠢ ᠠᠯᠠᠵᠠᠢ᠃ ᠭᠡᠳᠤᠨ ᠵᠠᠭᠤᠨ ᠤᠨ ᠤ ᠰᠡᠬᠦᠯᠡᠷ ᠡᠷᠳᠡᠨ ᠢ ᠰᠤᠳᠤᠯᠬᠤ ᠡᠷᠳᠡᠮᠳᠡᠨ ᠲᠤᠷᠰᠢᠨ ᠠᠭᠤᠳᠠᠯᠠᠪᠠᠰᠤ ᠲᠤᠯᠤᠭᠠᠢ ᠦᠭᠡᠢ᠂ ᠭᠠᠷ ᠲᠤᠳᠠᠭᠤ᠂ ᠬᠦᠯ ᠦᠭᠡᠢ ᠬᠤᠪᠬᠠᠢ ᠶᠠᠰᠤ ᠲᠤᠩ ᠠᠷᠪᠢᠨ ᠦᠵᠡᠭᠳᠡᠵᠡᠢ᠃  ᠬᠤᠳᠠ ᠶᠢ ᠭᠠᠯᠳᠠᠬᠤ ᠶᠢᠨ ᠵᠡᠷᠭᠡ ᠪᠠᠷ ᠰᠠᠯᠠᠢ ᠬᠤᠳᠠ ᠶᠢᠨ ᠬᠦᠮᠤᠨ ᠡᠪᠤᠯ ᠶᠢᠨ ᠬᠦᠢᠳᠡᠨ ᠳᠤ ᠬᠤᠨᠢ ᠶᠢᠨ ᠰᠦᠷᠦᠭ ᠮᠡᠳᠤ ᠴᠡᠷᠢᠭ ᠤᠨ ᠡᠮᠤᠨ᠎ᠡ ᠬᠦᠭᠡᠭᠡᠵᠤ ᠶᠠᠪᠤᠨ᠎ᠠ᠃ ᠤᠳᠤᠮᠪᠠᠷᠠ ᠴᠡᠴᠡᠭ ᠲᠡᠯᠭᠡᠷᠡᠮᠡᠭᠴᠡ ᠵᠤᠯᠭᠠᠷᠠᠭᠰᠠᠨ ᠲᠡᠮᠦᠷ ᠬᠠᠭᠠᠨᠳᠤ ᠤᠯᠤᠰ ᠡᠸᠦ᠋ᠷᠤᠫᠠ ᠪᠡ ᠲᠤᠮᠳᠠ ᠠᠽᠢᠶ᠎ᠠ ᠎ ᠶᠢᠨ ᠬᠤᠭᠤᠷᠤᠨᠳᠤ ᠶᠢᠨ ᠠᠷᠠᠯᠵᠢᠶ᠎ᠠ ᠮᠠᠶᠢᠮᠠᠢ ᠶᠢ ᠡᠪᠳᠡᠨ ᠬᠦᠨᠳᠤ ᠰᠢᠷᠬ᠎ᠠ ᠲᠠᠢ ᠪᠤᠯᠭᠠᠵᠤ᠂ ᠮᠠᠷᠬᠦ ᠫᠤᠯᠤ ᠶᠢᠨ ᠲᠡᠮᠳᠡᠭᠯᠡᠭᠰᠡᠨ ᠠᠽᠢᠶ᠎ᠠ ᠡᠸᠦ᠋ᠷᠤᠫᠠ ᠶᠢᠨ ᠬᠤᠭᠤᠷᠤᠨᠳᠤᠬᠢ ᠠᠷᠠᠯᠵᠢᠶᠠᠨ ᠤ ᠵᠠᠮ ᠢ ᠲᠠᠰᠤᠯᠵᠤ᠂ ᠪᠠᠰᠠ ᠴᠢᠩᠬᠢᠰ ᠬᠠᠭᠠᠨ ᠤ ᠦᠶ᠎ᠡ ᠶᠢᠨ ᠦᠯᠡᠳᠡᠭᠡᠭᠰᠡᠨ ᠪᠤᠯᠪᠠᠰᠤᠨ ᠨᠡᠶᠢᠭᠡᠮ ᠢ ᠦᠭᠡᠶᠢᠰᠭᠡᠪᠡ᠃ 1453 ᠤᠨ ᠤᠰᠮᠠᠨ ᠬᠠᠭᠠᠨᠳᠤ ᠤᠯᠤᠰ ᠮᠢᠩᠭᠠᠨ ᠵᠢᠯ ᠤᠨ ᠲᠤᠷᠭᠠᠨ ᠵᠠᠮ ᠤᠨ ᠨᠡᠶᠢᠰᠯᠡᠯ ᠵᠢᠨᠰᠲ᠋ᠠᠨᠳᠠᠨᠪᠤ ᠶᠢ ᠲᠠᠬᠢᠨᠳᠠ  ᠡᠪᠳᠡᠵᠤ ᠬᠦᠨᠤᠭᠡᠪᠡ᠃ ᠲᠤᠷᠤᠨ᠎ᠠ ᠵᠦᠭ ᠤᠨ ᠠᠷᠠᠯᠵᠢᠶᠠᠨ ᠤ ᠡᠳ᠋ ᠪᠠᠷᠠᠭ᠎ᠠ ᠶᠢ ᠡᠳᠤᠷ ᠠᠴᠠ ᠡᠳᠤᠷ ᠭᠡᠷᠡᠭᠴᠡᠭᠡ ᠱᠠᠭᠠᠷᠳᠠᠯᠭ᠎ᠠ ᠶᠢᠨ ᠪᠠᠷᠠᠭᠤᠨ ᠡᠸᠦ᠋ᠷᠤᠫᠠ ᠶᠢᠨ ᠠᠷᠠᠳ ᠢᠷᠭᠡᠨ ᠠᠷᠭ᠎ᠠ ᠪᠤᠰᠤ ᠪᠠᠷᠠᠭᠤᠨ ᠡᠸᠦ᠋ᠷᠤᠫᠠ ᠠᠴᠠ ᠵᠡᠬᠦᠨ ᠠᠽᠢᠶ᠎ᠠ ᠪᠡ ᠡᠮᠤᠨ᠎ᠡ ᠠᠽᠢᠶ᠎ᠠ ᠬᠦᠷᠬᠦ ᠳᠤ ᠲᠠᠯᠠᠢ ᠶᠢᠨ ᠤᠩᠭᠤᠴᠠ ᠪᠠᠷ ᠵᠠᠮᠨᠠᠵᠤ᠂ ᠡᠨᠡ ᠪᠤᠯ ᠲᠤᠷᠭᠠᠨ ᠵᠠᠮ ᠪᠠᠭᠤᠷᠠᠨ ᠲᠤᠷᠤᠶᠢᠳᠠᠬᠤ ᠶᠢᠨ ᠲᠡᠮᠳᠡᠭ ᠪᠤᠯᠪᠠ᠃ ᠡᠷᠳᠡᠨ ᠤ ᠲᠤᠷᠭᠠᠨ ᠵᠠᠮ ᠬᠠᠮᠤᠭ ᠡᠴᠤᠰ ᠲᠡᠭᠡᠨ ᠶᠡᠭᠡ ᠬᠠᠭᠠᠨᠳᠤ ᠲᠦᠷᠤ ᠪᠠᠷᠠᠭᠤᠨ ᠬᠢᠵᠠᠭᠠᠷ ᠢᠶᠠᠷ ᠬᠠᠭᠤᠷᠠᠢ ᠵᠠᠮ ᠎ ᠢᠶᠠᠷ ᠠᠷᠠᠯᠵᠢᠶᠠᠯᠠᠵᠤ᠂ ᠴᠢᠩ ᠤᠯᠤᠰ ᠺᠠᠽᠠᠭᠰᠲ᠋ᠠᠨ ᠬᠠᠭᠠᠨᠳᠤ ᠤᠯᠤᠰ ᠲᠠᠢ ᠲᠤᠷᠭ᠎ᠠ ᠮᠤᠷᠢ ᠶᠢᠨ ᠠᠷᠠᠯᠵᠢᠶ᠎ᠠ ᠬᠢᠵᠤ᠂ ᠴᠢᠩ ᠤᠯᠤᠰ ᠲᠤᠮᠳᠠ ᠠᠽᠢᠶ᠎ᠠ ᠬᠤᠬᠠᠨ ᠬᠠᠭᠠᠨᠳᠤ ᠤᠯᠤᠰ ᠲᠠᠢ᠂ ᠪᠤᠬᠠᠷᠠ ᠬᠠᠭᠠᠨᠳᠤ ᠤᠯᠤᠰ ᠲᠠᠢ᠂ ᠰᠢᠷᠸᠠ ᠬᠠᠭᠠᠨᠳᠤ ᠤᠯᠤᠰ ᠲᠠᠢ ᠡᠳ᠋ ᠪᠠᠷᠠᠭᠠᠨ ᠤ ᠠᠷᠠᠯᠵᠢᠶ᠎ᠠ ᠮᠠᠶᠢᠮᠠᠢ ᠬᠢᠵᠤ᠂ ᠨᠢᠭᠡᠨ ᠦᠶ᠎ᠡ ᠡᠸᠦ᠋ᠷᠤᠫᠠ ᠠᠽᠢᠶ᠎ᠠ ᠶᠢᠨ ᠪᠤᠯᠪᠠᠰᠤᠨ ᠰᠤᠯᠢᠯᠴᠠᠭᠠᠨ ᠤ ᠶᠡᠭᠡ ᠰᠤᠳᠠᠯ — ᠲᠤᠷᠭᠠᠨ ᠵᠠᠮ ᠤᠨ ᠯᠤᠭᠰᠢᠯᠳᠠ ᠪᠤᠯᠵᠤ᠂ ᠲᠠᠯᠠᠢ ᠶᠢᠨ ᠤᠩᠭᠤᠴᠠ ᠪᠠᠷ ᠶᠠᠪᠤᠯᠴᠠᠬᠤ ᠤᠯᠠᠨ ᠤᠯᠤᠰ ᠤᠨ ᠪᠠᠶᠢᠳᠠᠯ ᠦᠩᠭᠡᠷᠡᠵᠤ᠂ 2000 ᠤᠨ ᠤ ᠬᠦᠪᠤᠯᠵᠡᠭᠰᠡᠨ ᠲᠤᠷᠭᠠᠨ ᠵᠠᠮ ᠤᠨ ᠲᠡᠮᠡᠭᠡᠨ ᠬᠤᠩᠬᠤ ᠶᠢᠨ ᠢᠷᠠᠭᠤ ᠰᠠᠶᠢᠬᠠᠨ ᠲᠠᠭᠤᠨ ᠲᠡᠤᠭᠡ ᠶᠢᠨ ᠦᠯᠡᠳᠡᠭᠳᠡᠯ ᠪᠤᠯᠤᠨ ᠬᠤᠪᠢᠷᠠᠨ ᠴᠤᠤᠷᠢᠶᠠᠳᠤᠨ ᠲᠤᠤᠭᠠᠷᠤᠨ᠎ᠠ᠃ ᠪᠠᠭᠤᠯᠭᠠᠨ ᠠᠪᠤᠭᠰᠠᠨ ᠪᠡ ᠯᠠᠪᠯᠠᠬᠤ ᠮᠠᠲ᠋ᠧᠷᠢᠶᠠᠯ᠄ ᠤᠯᠤᠰ ᠤᠨ ᠬᠦᠮᠤᠨ ᠰᠤᠶᠤᠯ ᠲᠡᠤᠭᠡ᠂ 2016 ᠤᠨ ᠤ ᠨᠢᠭᠡᠳᠤᠭᠡᠷ ᠬᠤᠭᠤᠴᠠᠭ᠎ᠠ᠂ ᠠᠷᠠᠳ ᠤᠨ ᠡᠳᠤᠷ ᠤᠨ ᠰᠤᠨᠢᠨ ᠤ ᠭᠡᠪᠯᠡᠯ ᠤᠨ ᠬᠤᠷᠢᠶ᠎ᠠ᠂ 70—77 ᠳ᠋ᠤᠭᠠᠷ ᠨᠢᠭᠤᠷ᠃ ᠮᠠᠷᠺᠤ ᠫᠤᠯᠤ ︽ᠮᠠᠷᠺᠤ ᠫᠤᠯᠤ ᠶᠢᠨ ᠠᠶᠠᠯᠠᠯ ᠤᠨ ᠲᠡᠮᠳᠡᠭᠯᠡᠯ︾᠂ ᠬᠢᠷᠢᠨ ᠤ  ᠠᠷᠠᠳ ᠤᠨ ᠭᠡᠪᠯᠡᠯ ᠤᠨ ᠬᠤᠷᠢᠶ᠎ᠠ 1977 ᠤᠨ ᠤ 12 ᠰᠠᠷ᠎ᠠ ᠶᠢᠨ ᠭᠡᠪᠯᠡᠯ᠃ ᠶᠤᠸᠠᠨ ᠤ ᠲᠡᠤᠭᠡ᠂ ᠲᠠᠪᠢᠨ ᠨᠠᠢᠮᠠᠨ ᠡᠪᠬᠢᠮᠡᠯ ᠲᠡᠮᠳᠡᠭᠯᠡᠯ ᠠᠷᠪᠠ᠂ ᠭᠠᠵᠠᠷ ᠵᠦᠢ 1—6᠂ 1345—1591 ᠳ᠋ᠤᠭᠡᠷ ᠨᠢᠭᠤᠷ᠂ ᠵᠦᠡᠭ ᠬᠤᠸᠠ ᠪᠢᠴᠢᠭ ᠤᠨ ᠲᠤᠪᠴᠢᠶ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号