| | ᠳᠡᠨᠳᠦᠷ ᠮᠦᠨᠳᠦᠷ ᠠᠯᠬᠤᠯᠠᠬᠤ ᠳᠤ | ᠪᠦᠳᠦᠴᠢᠵᠤ ᠤᠨᠠᠭᠰᠠᠨ ᠵᠠᠮ | ᠬᠦᠯ ᠨᠢᠴᠦᠬᠦᠨ ᠬᠦᠶᠦᠬᠦ ᠳᠤ | ᠦᠷᠬᠡᠰᠤ ᠬᠠᠳᠬᠤᠭᠰᠠᠨ ᠵᠠᠮ | ᠪᠤᠭᠴᠤ ᠮᠦᠷᠦᠪᠴᠢᠯᠡᠬᠡᠳ ᠶᠠᠪᠤᠬᠤ ᠳᠤ | ᠳᠠᠨᠢᠯ ᠪᠤᠯᠤᠭᠰᠠᠨ ᠵᠠᠮ | ᠪᠡᠶ᠎ᠡ ᠵᠡᠷᠬᠡ ᠳᠤ ᠬᠦᠷᠬᠦ ᠳᠤ | ᠳᠠᠷᠳᠠᠩ ᠨᠡᠯᠦᠶᠢᠭᠰᠡᠨ ᠵᠠᠮ | ᠰᠢᠪᠠᠭ ᠬᠠᠷᠭᠠᠨ᠎ᠠ ᠶᠢᠨ ᠳᠤᠮᠳᠠ | ᠳᠠᠤᠯᠠᠢ ᠶᠢᠨ ᠬᠤᠷᠭᠤᠯ ᠲᠠᠢ ᠵᠠᠮ | ᠰᠢᠷᠠᠯᠵᠢ ᠡᠪᠡᠰᠦ ᠲᠠᠢ ᠭᠠᠵᠠᠷ | ᠳᠤᠭᠤᠯ ᠤᠨ ᠮᠦᠷ ᠲᠠᠢ ᠵᠠᠮ | ᠡᠯᠡᠰᠤᠨ ᠳᠤᠮᠳᠠᠭᠤᠷ ᠨᠡᠪᠳᠡᠷᠡᠭᠰᠡᠨ | ᠦᠨᠳᠦᠷ ᠬᠤᠷᠳᠤᠴᠠᠳᠤ ᠵᠠᠮ | ᠡᠬᠦᠯᠡᠨ ᠳᠡᠬᠡᠬᠦᠷ ᠠᠶᠠᠯᠠᠭᠰᠠᠨ | ᠤᠭᠳᠠᠷᠭᠤᠢ ᠶᠢᠨ ᠮᠦᠩᠬᠦᠨ ᠵᠠᠮ | ᠠᠭᠤᠯᠠᠨ ᠭᠤᠤᠯ ᠢᠶᠠᠷ ᠨᠡᠪᠳᠡᠯᠦᠭᠰᠡᠨ | ᠤᠳᠤᠬᠢᠴᠢᠯᠠᠭᠰᠠᠨ ᠨᠦᠬᠡᠨ ᠵᠠᠮ | ᠳᠠᠯᠠᠢ ᠳᠤᠤᠭᠤᠷ ᠵᠠᠮᠨᠠᠭᠰᠠᠨ | ᠠᠦ᠋ᠲ᠋ᠤᠴᠢᠯᠠᠭᠰᠠᠨ ᠤᠰᠤᠨ ᠵᠠᠮ | ᠰᠠᠷᠠᠨ ᠤᠳᠤᠨ ᠳᠤᠭᠤᠷᠢᠭᠰᠠᠨ | ᠰᠠᠨᠰᠠᠷ ᠤᠨ ᠳᠤᠷᠭᠠᠨ ᠵᠠᠮ | ᠰᠢᠨᠵᠢᠯᠡᠬᠦ ᠤᠬᠠᠭᠠᠨᠴᠢ ᠪᠠᠷ ᠬᠠᠶᠢᠭᠰᠠᠨ | ᠰᠢᠨ᠎ᠠ ᠡᠷᠢᠨ ᠤ ᠵᠠᠮ | ᠨᠠᠭᠠᠨ᠎ᠠ ᠠᠴᠠ ᠴᠠᠭᠠᠰᠢ ᠳᠤᠭᠤᠯᠬᠤ ᠳᠤ | ᠳᠠᠩᠴᠤ ᠬᠤᠯᠠ ᠰᠠᠨᠠᠭᠳᠠᠨ᠎ᠠ | ᠨᠠᠷᠠᠨ ᠵᠦᠭ ᠪᠠᠷᠠᠯᠠᠬᠤ ᠳᠤ | ᠳᠠᠩᠳᠠ ᠤᠶᠢᠷᠠᠬᠠᠨ ᠬᠠᠷᠠᠭᠳᠠᠨ᠎ᠠ | ᠵᠤᠬᠢᠶᠠᠭᠴᠢ᠄ ᠲᠤᠭᠴᠢ ᠯᠤᠪᠰᠠᠩ鲁布森 ︵ᠪᠢᠴᠢᠭ ᠤᠨ ᠨᠡᠷ᠎ᠡ ᠨᠢ ᠴᠢ᠊᠂ ᠨᠠᠴᠢᠨ︶᠂ ᠬᠠᠷᠢᠯᠴᠠᠬᠤ | ᠤᠳᠠᠰᠤ᠄ 136 1487 6979᠃ | ᠬᠠᠶ᠋ᠢᠭ᠄ ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ | ᠰᠤᠷᠭᠠᠭᠤᠯᠢ ︵鄂尔多斯市乌审旗蒙古族实验小学︶᠃ | | |