ᠡᠪᠦᠭᠡ ᠶᠢᠨ ᠴᠡᠩᠭᠡᠷ ᠲᠠᠯ᠎ᠠ ᠮᠢᠨᠢ
ᠨᠡᠶᠢᠲᠡᠯᠡᠭᠰᠡᠨ ᠴᠠᠭ᠄
2020/10/20
ᠭᠤᠳᠣᠯ ᠡᠯᠡᠭᠡᠭᠰᠡᠨ ᠬᠠᠳᠠᠭᠤ ᠭᠤᠨᠢᠭ ᠲᠠᠶᠢᠯᠣᠮ᠎ᠠ ᠳᠡᠨᠢᠭᠦᠨ ᠠᠭᠢ ᠰᠥ ᠴᠤᠭ  ᠎ ᠲᠤ ᠪᠠᠨ ᠥᠨᠥᠷᠳᠥᠳᠡᠭ ᠡᠪᠦᠭᠡ ᠠᠪᠤ ᠠᠴᠠ ᠥᠪᠯᠡᠵᠥ ᠠᠮᠢᠳᠣᠷᠠᠳᠠᠭ ᠡᠯᠪᠡᠭ ᠶᠡᠭᠡ ᠳᠡᠪᠡᠯ ᠤᠨ ᠡᠩᠭᠡᠷ ᠨᠢ ᠳᠡᠯᠡᠭᠰᠡᠨ  ᠥᠷᠭᠦᠯᠵᠢᠯᠡᠯ ᠰᠥᠰᠥᠭᠯᠡᠵᠥ ᠰᠥᠭᠦᠳᠥᠨ ᠮᠥᠷᠬᠦᠬᠦ ᠳᠤ ᠡᠪᠥᠳᠡᠭ ᠡᠷᠭᠦᠭᠰᠡᠨ ᠠᠮᠢᠵᠢᠷᠠᠯ ᠡᠪᠦᠭᠡ ᠶᠢᠨ ᠴᠡᠩᠭᠡᠷ ᠲᠠᠯ᠎ᠠ ᠮᠢᠨᠢ᠃ ᠢᠳᠡᠭᠡᠯ ᠬᠥᠰᠡᠯ ᠮᠢᠨᠢ ᠰᠢᠩᠭᠡᠵᠥ ᠠᠭᠤᠰᠳᠠᠭ ᠵᠢᠳᠭᠦᠯ ᠵᠢᠷᠭᠠᠯ ᠮᠢᠨᠢ ᠢᠬᠡᠷᠯᠡᠵᠥ ᠣᠷᠣᠰᠢᠳᠠᠭ ᠵᠢᠭᠠᠯ ᠨᠠᠰᠣ ᠶᠢ ᠰᠥ ᠲᠠᠢ ᠴᠢᠯᠠᠭᠤ ᠨᠢ ᠪᠥᠳᠥᠷᠢᠭᠡᠵᠥ ᠡᠪᠡᠰᠥᠨ ᠳᠣᠯᠣᠭᠠᠢ ᠬᠥᠳᠡᠯᠭᠡᠵᠥ  ᠰᠠᠯᠬᠢ‌ᠨᠢ ᠳᠡᠷᠭᠡᠳᠡ ᠬᠤᠨᠣᠳᠠᠭ ᠳᠣᠭᠯᠠᠵᠣ ᠳᠣᠷᠨᠢᠵᠣ ᠶᠠᠪᠣᠬᠤ ᠳᠤ ᠳᠣᠭᠤᠰᠣ ᠳᠠᠭᠠᠮ᠎ᠠ ᠦᠭᠡᠢ ᠴᠡᠪᠡᠷ ᠣᠳᠣᠨ ᠠᠴᠠ ᠬᠠᠷᠠᠬᠤ ᠳᠤ ᠣᠷᠣᠢ ᠨᠢ ᠬᠠᠷᠠᠭᠳᠠᠳᠠᠭ ᠲᠠᠯ᠎ᠠ ᠮᠢᠨᠢ ᠣᠷᠳᠣ ᠶᠢᠨ ᠳᠠᠭᠤᠨ ᠤ  ᠡᠭᠡᠰᠢᠭ ᠨᠢ ᠴᠣᠣᠷᠢᠶ᠎ᠠ  ᠎ ᠲᠠᠢ ᠪᠠᠨ ᠮᠥᠩᠬᠡᠷᠡᠳᠡᠭ  ᠂ ᠠᠮᠢᠳᠣᠷᠠᠯ  ᠳᠣᠭᠠᠯᠠᠨ ᠳᠠᠭᠠᠵᠣ ᠠᠮᠢᠳᠣ ᠪᠣᠭᠤᠷᠣᠯᠳᠠᠭᠰᠠᠨ ᠲᠡᠥᠬᠡ ᠮᠥᠩᠬᠡ ᠬᠥᠬᠡ ᠲᠡᠭᠷᠢ  ᠎ ᠪᠠᠨ ᠮᠠᠨᠠᠵᠣ ᠬᠤᠨᠣᠳᠠᠭ ᠪᠠᠭᠤᠴᠠ ᠥᠯᠥᠭᠡᠢ   ᠳᠡᠪᠡᠯ ᠪᠣᠯᠣᠭᠰᠠᠨ ᠡᠪᠦᠭᠡ ᠶᠢᠨ ᠴᠡᠩᠬᠡᠷ ᠲᠠᠯ᠎ᠠ ᠮᠢᠨᠢ᠃ ᠬᠠᠶ᠋ᠢᠭ᠄ ᠪᠠᠭᠠᠷᠢᠨ ᠵᠡᠭᠦᠨ ᠬᠤᠰᠢᠭᠤ         ᠨᠡᠷ᠎ᠡ᠄ ᠪᠣᠶᠠᠨᠳᠠᠯᠠᠢ ᠣᠳᠠᠰᠣ︔13298003138
 
ᠢᠷᠡᠯᠲᠡ᠄ ᠪᠤᠶᠠᠨᠳᠠᠯᠠᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号