ᠯᠢᠨᠰᠢ ᠰᠢᠶᠠᠨ ᠤ ᠲᠤᠳᠤᠭᠠᠳᠤ ᠶᠢ ᠬᠠᠮᠭᠠᠯᠠᠬᠤ ᠲᠤᠪᠴᠢᠶ᠎ᠠ ᠤᠯᠠᠨ ᠵᠦᠢᠯ ᠤᠨ ᠠᠷᠭ᠎ᠠ ᠪᠠᠷᠢᠯ ᠢᠶᠠᠷ ᠬᠤᠤᠷ ᠴᠠᠭᠠᠵᠠᠯᠠᠬᠤ ᠤᠬᠠᠭᠤᠯᠭ᠎ᠠ ᠶᠢᠨ ᠰᠢᠨ᠎ᠠ ᠬᠡᠪ ᠪᠠᠶᠢᠳᠠᠯ ᠢ ᠪᠠᠶᠢᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2019-07-03
                ᠯᠢᠨᠰᠢ ᠰᠢᠶᠠᠨ ᠤ ᠲᠤᠳᠤᠭᠠᠳᠤ ᠶᠢ ᠬᠠᠮᠭᠠᠯᠠᠬᠤ ᠲᠤᠪᠴᠢᠶ᠎ᠠ ᠶᠢᠨ ᠬᠤᠤᠷ ᠴᠠᠭᠠᠵᠠᠯᠠᠬᠤ ᠶᠡᠭᠡ ᠠᠩᠬᠢ ᠨᠢ ᠪᠤᠳᠠᠳᠠᠢ ᠳᠤ ᠤᠶᠠᠯᠳᠤᠭᠤᠯᠤᠨ᠂ ︽ᠤᠭ ᠦᠨᠳᠦᠰᠦ ᠠᠴᠠ ᠨᠢ ᠬᠤᠷᠢᠭᠯᠠᠨ ᠬᠤᠤᠷ ᠴᠠᠭᠠᠵᠠᠯᠠᠬᠤ︾ ︽ᠠᠮᠢ ᠨᠠᠰᠤ ᠎ ᠪᠠᠨ ᠬᠠᠶᠢᠷᠠᠯᠠᠨ ᠬᠤᠤᠷ ᠠᠴᠠ ᠬᠤᠯᠠ ᠪᠠᠶᠢᠬᠤ︾ ᠬᠤᠶᠠᠷ ᠶᠡᠭᠡ ᠰᠡᠳᠦᠪ ᠤᠨ ᠲᠤᠭᠤᠷᠢᠨ ᠳᠤ᠂ ︽ᠭᠤᠷᠪᠠᠨ ᠶᠡᠭᠡ ᠠᠴᠢᠶᠠᠯᠠᠪᠤᠷᠢ︾ ︽ᠲᠤᠯᠤᠭ᠎ᠠ ᠳᠤ ᠤᠷᠤᠭᠤᠯᠬᠤ︾ ᠤᠬᠠᠭᠤᠯᠭ᠎ᠠ ᠶᠢᠨ ᠠᠷᠭ᠎ᠠ ᠪᠠᠷᠢᠯ ᠢᠶᠠᠷ ᠲᠠᠮᠵᠢᠨ᠂ ᠪᠦᠬᠦ ᠰᠢᠶᠠᠨ ᠤ ᠬᠡᠪᠴᠢᠶᠠᠨ ᠳᠤ ᠪᠦᠬᠦᠨ ᠢ ᠪᠦᠷᠬᠦᠬᠦᠯᠦᠭᠰᠡᠨ ᠤᠯᠠᠨ ᠲᠠᠪᠬᠤᠷᠭ᠎ᠠ ᠶᠢᠨ ᠬᠤᠤᠷ ᠴᠠᠭᠠᠵᠠᠯᠠᠬᠤ ᠤᠬᠠᠭᠤᠯᠭ᠎ᠠ ᠶᠢᠨ ᠠᠵᠢᠯᠯᠠᠭᠠᠨ ᠦᠷᠨᠢᠬᠦᠯᠵᠤ᠂ ᠠᠷᠠᠳ ᠤᠯᠠᠨ ᠤ ᠬᠤᠤᠷ ᠢ ᠲᠠᠨᠢᠬᠤ᠂ ᠬᠤᠤᠷ ᠢ ᠰᠡᠷᠬᠡᠶᠢᠯᠡᠬᠦ᠂ ᠬᠤᠤᠷ ᠢ ᠡᠰᠡᠷᠬᠦᠴᠡᠬᠦ ᠵᠢᠴᠢ ᠬᠠᠷ᠎ᠠ ᠪᠦᠯᠦᠭᠳᠡᠨ ᠬᠠᠷᠬᠢᠰ ᠬᠦᠴᠦᠨ ᠢ ᠢᠯᠭᠠᠨ ᠲᠠᠨᠢᠬᠤ ᠴᠢᠳᠠᠪᠤᠷᠢ ᠪᠤᠯᠤᠨ ᠲᠠᠨᠢᠯᠳᠠ ᠶᠢ ᠲᠡᠭᠡᠭᠰᠢᠯᠡᠬᠦᠯᠦᠨ᠂ ᠬᠤᠤᠷ ᠴᠠᠭᠠᠵᠠᠯᠠᠬᠤ ᠤᠬᠠᠭᠤᠯᠭ᠎ᠠ ᠶᠢᠨ ᠰᠢᠨ᠎ᠠ ᠬᠡᠪ ᠪᠠᠶᠢᠳᠠᠯ ᠢ ᠪᠤᠢ ᠪᠤᠯᠭᠠᠪᠠ᠃       ᠦᠨᠦ ᠵᠢᠯ ᠠᠴᠠ ᠨᠠᠰᠢ᠂ ᠰᠢᠶᠠᠨ ᠤ ᠬᠤᠤᠷ ᠴᠠᠭᠠᠵᠠᠯᠠᠬᠤ ᠶᠡᠭᠡ ᠠᠩᠬᠢ ᠨᠢ ᠨᠡᠶᠢᠳᠠ ᠴᠡᠷᠢᠭ ᠴᠠᠭᠳᠠᠭ᠎ᠠ120 ᠭᠠᠷᠤᠢ ᠬᠦᠮᠦᠨ ᠤᠳᠠᠭ᠎ᠠ ᠬᠦᠳᠡᠯᠬᠡᠵᠤ᠂ ᠬᠠᠷᠢᠶᠠᠨ ᠳᠠᠬᠢ11 ᠰᠢᠶᠠᠩ ᠪᠠᠯᠭᠠᠰᠤ᠂ ᠵᠡᠬᠡᠯᠢ ᠭᠤᠳᠤᠮᠵᠢ ᠶᠢᠨ ᠤᠯᠠᠨ ᠲᠦᠮᠡᠨ ᠳᠤ ᠬᠤᠤᠷ ᠴᠠᠭᠠᠵᠠᠯᠠᠬᠤ ᠤᠬᠠᠭᠤᠯᠭ᠎ᠠ ᠶᠢᠨ ᠮᠠᠲ᠋ᠧᠷᠢᠶᠠᠯ4500 ᠭᠠᠷᠤᠢ ᠬᠤᠪᠢ ᠲᠠᠷᠬᠠᠭᠠᠨ᠂ 300 ᠭᠠᠷᠤᠢ ᠬᠤᠪᠢ ᠬᠤᠤᠷ ᠴᠠᠭᠠᠵᠠᠯᠠᠬᠤ ᠤᠯᠠᠨ ᠨᠡᠶᠢᠳᠠ ᠶᠢᠨ ᠴᠢᠨᠠᠷᠳᠠᠢ ᠵᠠᠷ ᠮᠡᠳᠡᠭᠡ ᠨᠠᠭᠠᠵᠤ᠂12 ᠬᠡᠰᠡᠭ ᠦᠵᠡᠬᠦᠯᠦᠯᠬᠡ ᠶᠢᠨ ᠬᠠᠪᠳᠠᠰᠤ ᠪᠤᠰᠬᠠᠨ᠂20 ᠵᠤᠷᠪᠤᠰ ᠤᠷᠢᠶ᠎ᠠ ᠯᠤᠽᠦ᠋ᠩ ᠡᠯᠬᠦᠵᠤ᠂ ᠤᠯᠠᠨ ᠲᠦᠮᠡᠨ ᠎ ᠳᠤ15400 ᠭᠠᠷᠤᠢ ᠬᠦᠮᠦᠨ ᠤᠳᠠᠭ᠎ᠠ ᠰᠢᠭᠤᠳ ᠬᠦᠮᠦᠵᠢᠯ ᠬᠦᠷᠳᠡᠬᠡᠵᠠᠢ᠃      ︽ᠭᠤᠷᠪᠠᠨ ᠶᠡᠭᠡ ᠠᠴᠢᠶᠠᠯᠠᠪᠤᠷᠢ︾᠎ ᠳᠤ ᠨᠡᠶᠢᠬᠡᠮ ᠤᠨ ᠤᠬᠠᠭᠤᠯᠭ᠎ᠠ᠂ ᠲᠤᠤᠷ ᠰᠦᠯᠵᠢᠶᠠᠨ ᠤ ᠤᠬᠠᠭᠤᠯᠭ᠎ᠠ ᠪᠤᠯᠤᠨ ᠰᠤᠨᠢᠨ ᠮᠡᠳᠡᠬᠡᠨ ᠤ ᠤᠬᠠᠭᠤᠯᠭ᠎ᠠ ᠶᠢ ᠪᠠᠭᠳᠠᠭᠠᠵᠤ᠂ ︽ᠲᠤᠯᠤᠭ᠎ᠠ ᠳᠤ ᠤᠷᠤᠭᠤᠯᠬᠤ︾ ᠤᠬᠠᠭᠤᠯᠭ᠎ᠠ ᠨᠢ ᠬᠤᠤᠷ ᠴᠠᠭᠠᠵᠠᠯᠠᠬᠤ ᠤᠬᠠᠭᠤᠯᠭ᠎ᠠ ᠶᠢ ᠪᠦᠬᠦᠨ ᠢ ᠬᠠᠮᠤᠷᠴᠤ᠂ ᠲᠤᠰ ᠲᠤᠪᠴᠢᠶᠠᠨ ᠤ ᠬᠤᠤᠷ ᠴᠠᠭᠠᠵᠠᠯᠠᠬᠤ ᠶᠡᠭᠡ ᠠᠩᠬᠢ ᠪᠦᠬᠦ ᠲᠠᠯ᠎ᠠ ᠪᠠᠷ ᠬᠤᠤᠷ ᠴᠠᠭᠠᠵᠠᠯᠠᠬᠤ ᠤᠬᠠᠭᠤᠯᠭ᠎ᠠ ᠶᠢ ᠵᠤᠬᠢᠶᠠᠨ ᠪᠠᠶᠢᠭᠤᠯᠵᠤ ᠦᠷᠨᠢᠬᠦᠯᠦᠨ᠂ ᠰᠤᠷᠭᠠᠭᠤᠯᠢ ᠳᠤ ᠤᠷᠤᠭᠤᠯᠬᠤ᠂ ᠬᠡᠷ ᠪᠦᠯᠢ ᠳᠤ ᠤᠷᠤᠭᠤᠯᠬᠤ᠂ ᠲᠠᠯᠠᠪᠤᠷ ᠲᠤ ᠤᠷᠤᠭᠤᠯᠬᠤ᠂ ᠨᠡᠶᠢᠬᠡᠮ ᠲᠤᠭᠤᠷᠢᠭ ᠎ ᠳᠤ ᠤᠷᠤᠭᠤᠯᠬᠤ᠂ ᠪᠠᠶᠢᠭᠤᠯᠭ᠎ᠠ ᠳᠤ ᠤᠷᠤᠭᠤᠯᠬᠤ᠂ ᠠᠵᠤ ᠠᠬᠤᠶᠢᠯᠠᠯ ᠳᠤ ᠤᠷᠤᠭᠤᠯᠬᠤ᠂ ᠬᠦᠳᠡᠭᠡ ᠲᠤᠰᠬᠤᠨ ᠎ ᠳᠤ ᠤᠷᠤᠭᠤᠯᠬᠤ ᠪᠤᠯᠤᠨ᠎ᠠ᠃ ᠡᠬᠦᠨ ᠤ ᠬᠠᠮᠳᠤ ᠪᠠᠰᠠ ᠬᠤᠤᠷ ᠴᠠᠭᠠᠵᠠᠯᠠᠬᠤ ᠶᠡᠭᠡ ᠠᠩᠬᠢ ᠨᠢ ᠦᠷᠬᠦᠯᠵᠢᠯᠡᠡ ︽ᠡᠷᠡᠬᠦᠯ ᠠᠮᠢᠳᠤᠷᠠᠯ  ᠪᠤᠷᠬᠢᠳᠦᠯ ᠦᠬᠡᠢ︾ ᠬᠤᠤᠷ ᠴᠠᠭᠠᠵᠠᠯᠠᠬᠤ ᠤᠬᠠᠭᠤᠯᠭ᠎ᠠ ᠶᠢᠨ ᠠᠵᠢᠯᠯᠠᠭᠠᠨ ᠢ ᠲᠦᠯᠬᠢᠨ ᠠᠬᠢᠭᠤᠯᠵᠤ᠂ ᠠᠵᠤ ᠠᠬᠤᠶᠢᠯᠠᠯ ᠢ ᠵᠢᠯᠤᠭᠤᠳᠤᠨ ᠬᠤᠤᠷ ᠴᠠᠭᠠᠵᠠᠯᠠᠬᠤ ᠨᠡᠷ᠎ᠠ ᠬᠤᠯᠪᠤᠭᠠᠯᠠᠬᠤ ᠠᠵᠢᠯᠯᠠᠭᠠᠨ ᠢᠶᠠᠷ ᠲᠠᠮᠵᠢᠨ᠂ ᠰᠠᠶᠢᠨ ᠲᠤᠷᠠᠴᠤᠳ ᠤᠨ ᠬᠠᠶᠢᠷ᠎ᠠ ᠬᠠᠯᠠᠮᠵᠢ ᠶᠢᠨ ᠠᠩᠬᠢ ᠡᠩᠨᠡᠭᠡ ᠪᠠᠶᠢᠭᠤᠯᠤᠨ ᠨᠡᠶᠢᠬᠡᠮ ᠲᠤᠭᠤᠷᠢᠭ ᠲᠤ ᠤᠷᠤᠵᠤ ᠤᠯᠠᠨ ᠲᠦᠷᠦᠯ ᠤᠨ ᠬᠡᠯᠪᠡᠷᠢ ᠮᠠᠶ᠋ᠢᠭ ᠢᠶᠠᠷ ᠬᠤᠤᠷ ᠴᠠᠭᠠᠵᠠᠯᠠᠬᠤ ᠠᠵᠢᠯ ᠢ ᠦᠷᠨᠢᠬᠦᠯᠵᠤ᠂ ᠪᠦᠬᠦ ᠬᠦᠴᠦᠨ ᠎ ᠢᠶᠠᠷ ᠵᠠᠰᠠᠭ ᠠᠵᠤ ᠠᠬᠤᠶᠢᠯᠠᠯ ᠬᠤᠯᠪᠤᠭᠠᠯᠠᠭᠰᠠᠨ ᠬᠤᠤᠷ ᠴᠠᠭᠠᠵᠠᠯᠠᠬᠤ ᠲᠠᠪᠴᠠᠩ ᠢ ᠪᠠᠶᠢᠭᠤᠯᠤᠨ᠂ ᠨᠡᠶᠢᠬᠡᠮ ᠤᠨ ᠪᠦᠯᠬᠦᠮ᠂ ᠠᠵᠤ ᠠᠬᠤᠶᠢᠯᠠᠯ ᠵᠡᠷᠬᠡ ᠨᠡᠶᠢᠬᠡᠮ ᠤᠨ ᠲᠤᠰᠠᠯᠠᠭᠴᠢ ᠬᠦᠴᠦᠨ ᠤ ᠴᠢᠬᠤᠯᠠ ᠦᠢᠯᠡᠳᠦᠯ ᠢ ᠪᠠᠳᠠᠷᠠᠭᠤᠯᠤᠭᠰᠠᠨ ᠪᠠᠶᠢᠨ᠎ᠠ᠃ 
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号