| ᠯᠢᠨᠰᠢ ᠰᠢᠶᠠᠨ ᠤ ᠬᠠᠤᠯᠢ ᠴᠠᠭᠠᠵᠠ ᠶᠢᠨ ᠲᠤᠰᠠᠯᠠᠬᠤ ᠲᠦᠪ ᠤᠨ ᠠᠩᠬᠠᠳᠠᠭᠴᠢ ᠰᠠᠭᠤᠷᠢ ︽ᠢᠨᠲ᠋ᠧᠷ | ᠰᠦᠯᠵᠢᠶ᠎ᠠ · ᠬᠦᠮᠦᠨ ᠦᠬᠡᠢ ᠬᠠᠤᠯᠢᠴᠢ ᠶᠢᠨ ᠭᠠᠵᠠᠷ︾ ᠠᠰᠢᠭᠯᠠᠯᠳᠠ ᠳᠤ ᠤᠷᠤᠪᠠ᠃ ︽ᠤᠶᠤᠨᠴᠢ ᠬᠠᠤᠯᠢ ᠶᠢᠨ | ᠶᠠᠪᠤᠳᠠᠯ︾ ᠴᠢᠬᠤᠯᠠ ᠪᠦᠷᠢᠯᠳᠦᠬᠦᠨ ᠬᠡᠰᠡᠭ ᠪᠤᠯᠤᠭᠰᠠᠨ ᠤ ᠬᠤᠪᠢ ᠳᠤ ︽ᠢᠨᠲ᠋ᠧᠷ ᠰᠦᠯᠵᠢᠶ᠎ᠠ · ᠬᠦᠮᠦᠨ ᠦᠬᠡᠢ | ᠬᠠᠤᠯᠢᠴᠢ ᠶᠢᠨ ᠭᠠᠵᠠᠷ︾ ᠨᠢ ᠤᠯᠠᠨ ᠲᠦᠮᠡᠨ ᠳᠤ ᠦᠢᠯᠡᠴᠢᠯᠡᠬᠡᠨ ᠤ ᠰᠤᠷᠠᠭ ᠵᠠᠩᠬᠢ ᠶᠢ ᠲᠡᠯᠬᠡᠨ ᠦᠵᠡᠬᠦᠯᠬᠦ᠂ | ᠬᠠᠤᠯᠢ ᠴᠠᠭᠠᠵᠠ ᠶᠢᠨ ᠦᠢᠯᠡᠴᠢᠯᠡᠭᠡ ᠶᠢ ᠬᠦᠢᠴᠡᠳᠬᠡᠬᠦ᠂ ᠤᠷᠢᠳᠴᠢᠯᠠᠨ ᠪᠤᠯᠵᠤᠵᠤ ᠲᠠᠩᠰᠠᠯᠠᠬᠤ ᠵᠡᠷᠬᠡ | ᠦᠢᠯᠡᠴᠢᠯᠡᠭᠡ ᠶᠢ ᠰᠦᠯᠵᠢᠶ᠎ᠠ ᠪᠠᠷ ᠬᠠᠩᠭᠠᠭᠰᠠᠨ ᠪᠠᠶᠢᠨ᠎ᠠ᠃ | ︽ᠢᠨᠲ᠋ᠧᠷ ᠰᠦᠯᠵᠢᠶ᠎ᠠ · ᠬᠦᠮᠦᠨ ᠦᠬᠡᠢ ᠬᠠᠤᠯᠢᠴᠢ ᠶᠢᠨ ᠭᠠᠵᠠᠷ︾ ᠨᠢ ᠢᠨᠲ᠋ᠧᠷ ᠰᠦᠯᠵᠢᠶ᠎ᠠ᠂ ᠲᠤᠮᠤ | ᠲᠤᠭ᠎ᠠ ᠪᠠᠷᠢᠮᠳᠠ᠂ ᠡᠬᠦᠯᠠᠨ ᠲᠠᠪᠴᠠᠩ ᠤᠨ ᠪᠤᠳᠤᠯᠳᠠ ᠵᠡᠷᠬᠡ ᠮᠡᠷᠬᠡᠵᠢᠯ ᠤᠨ ᠬᠡᠷᠡᠭᠯᠡᠯᠳᠠ ᠳᠤ ᠰᠠᠭᠤᠷᠢᠯᠠᠨ | ᠪᠠᠶᠢᠭᠤᠯᠤᠭᠰᠠᠨ ᠪᠦᠬᠦ ᠤᠯᠤᠰ ᠤᠨ ᠬᠠᠤᠯᠢᠴᠢ ᠶᠢᠨ ᠡᠬᠢ ᠪᠠᠶᠠᠯᠢᠭ ᠤᠨ ᠢᠨᠲ᠋ᠧᠷ ᠰᠦᠯᠵᠢᠶ᠎ᠠ ᠶᠢᠨ ᠬᠠᠤᠯᠢ ᠴᠠᠭᠠᠵᠠ | ᠶᠢᠨ ᠦᠢᠯᠡᠴᠢᠯᠡᠭᠡ ᠶᠢᠨ ᠲᠠᠪᠴᠠᠩ ᠪᠤᠯᠤᠨ᠎ᠠ᠃ ᠲᠤᠰ ᠲᠠᠪᠴᠠᠩ ᠤᠨ ᠠᠵᠢᠯᠯᠠᠭᠤᠯᠬᠤ ᠰᠢᠰᠲ᠋ᠧᠮ ᠤᠨ ᠲᠤᠳᠤᠷ᠎ᠠ | ᠪᠠᠨ ᠦᠨᠳᠦᠷ ᠲᠤᠳᠤ ᠲᠡᠮᠳᠡᠷᠢᠬᠦᠯ ᠤᠨ ᠠᠦ᠋ᠲ᠋ᠤ᠋ ᠮᠠᠰᠢᠨ᠂ ᠪᠡᠶ᠎ᠠ ᠶᠢᠨ ᠦᠨᠡᠮᠯᠡᠯ ᠤᠨ ᠺᠠᠷᠲ ᠤᠩᠰᠢᠭᠤᠷ᠂ | ᠪᠢᠴᠢᠭ ᠮᠠᠲ᠋ᠧᠷᠢᠶᠠᠯ ᠢ ᠰᠦᠯᠵᠢᠶᠠᠨ ᠳᠤ ᠭᠠᠷᠭᠠᠬᠤ ᠲᠦᠬᠦᠬᠡᠷᠦᠮᠵᠢ᠂ ᠲᠠᠷᠤᠮᠠᠯᠯᠠᠬᠤ ᠲᠤᠨᠤᠭ ᠲᠦᠬᠦᠬᠡᠷᠦᠮᠵᠢ ᠵᠡᠷᠬᠡ | ᠶᠡᠷᠦᠩᠬᠡᠶᠢᠯᠡᠭᠰᠡᠨ ᠢᠵᠢ ᠪᠦᠷᠢᠳᠦᠭᠰᠡᠨ ᠲᠤᠨᠤᠭ ᠲᠦᠬᠦᠬᠡᠷᠦᠮᠵᠢ ᠲᠠᠢ ᠪᠠᠶᠢᠵᠤ᠂ ᠲᠦᠷᠬᠡᠨ ᠠᠰᠠᠭᠤᠨ ᠯᠠᠪᠯᠠᠬᠤ᠂ | ᠮᠠᠲ᠋ᠧᠷᠢᠶᠠᠯ ᠬᠤᠪᠢᠶᠠᠯᠴᠠᠬᠤ᠂ ᠨᠤᠮ ᠪᠢᠴᠢᠭ ᠤᠨ ᠦᠢᠯᠡᠴᠢᠯᠡᠭᠡ᠂ ᠬᠠᠤᠯᠢᠴᠢ ᠲᠠᠢ ᠪᠤᠯᠵᠤᠨ ᠤᠴᠠᠷᠠᠬᠤ᠂ ᠸᠢᠳᠢᠤ᠋ | ᠪᠠᠷ ᠠᠰᠠᠭᠤᠨ ᠯᠠᠪᠯᠠᠬᠤ ᠵᠡᠷᠬᠡ ᠴᠢᠳᠠᠪᠬᠢ ᠶᠢ ᠪᠠᠭᠳᠠᠭᠠᠭᠰᠠᠨ ᠪᠠᠶᠢᠳᠠᠭ᠃ ᠠᠰᠠᠭᠤᠨ ᠯᠠᠪᠯᠠᠬᠤ ᠬᠡᠷᠡᠭᠴᠡᠭᠡ ᠲᠠᠢ | ᠰᠠᠭᠤᠭᠠᠯᠢ ᠠᠷᠠᠳ ᠨᠢ ᠵᠦᠪᠬᠡᠨ ᠪᠡᠶ᠎ᠠ ᠶᠢᠨ ᠦᠨᠡᠮᠯᠡᠯ ᠢᠶᠠᠨ ᠮᠠᠰᠢᠨ ᠳᠤ ᠰᠢᠷᠪᠢᠵᠤ᠂ ᠳ᠋ᠢᠶᠠᠩᠬᠤᠸᠠ ᠨᠤᠮᠧᠷ ᠢᠶᠠᠨ | ᠤᠷᠤᠭᠤᠯᠤᠨ ᠬᠡᠷᠡᠴᠢᠯᠡᠬᠦ ᠨᠤᠮᠧᠷ ᠤᠯᠵᠤ ᠪᠠᠳᠤᠯᠠᠪᠠᠯ ᠲᠠᠷᠤᠢ30 ᠰᠧᠺᠦ᠋ᠨ᠋ᠳ᠋ ᠤᠨ ᠲᠤᠳᠤᠷ᠎ᠠ ᠪᠦᠬᠦ ᠤᠯᠤᠰ ᠤᠨ | ᠬᠡᠷ᠎ᠠ ᠲᠤᠭᠳᠠᠭᠰᠠᠨ3.5 ᠲᠦᠮᠠ ᠭᠠᠷᠤᠢ ᠨᠡᠷ᠎ᠠ ᠬᠠᠤᠯᠢᠴᠢ ᠲᠤᠳᠤᠷ᠎ᠠ ᠠᠴᠠ ᠬᠠᠮᠤᠭ ᠲᠤᠬᠢᠷᠠᠭᠰᠠᠨ ᠨᠢᠬᠡ ᠨᠡᠷ᠎ᠠ | ᠬᠠᠤᠯᠢᠴᠢ ᠶᠢ ᠰᠤᠩᠭᠤᠵᠤ ᠭᠠᠷᠭᠠᠵᠤ᠂ ᠠᠯᠤᠰ ᠡᠵᠡᠮᠳᠡᠬᠦᠷ ᠸᠢᠳᠢᠤ᠋ ᠪᠠᠷ ᠶᠠᠷᠢᠯᠴᠠᠨ᠂ ᠬᠡᠷᠡᠭᠯᠡᠭᠴᠢᠳ ᠲᠤ ᠨᠢᠬᠡ | ᠬᠦᠮᠦᠨ ᠳᠤ ᠨᠢᠬᠡ ᠬᠠᠤᠯᠢᠴᠢ ᠶᠢᠨ ᠬᠠᠷᠠᠭᠠᠯᠵᠠᠯ ᠢᠶᠠᠷ ᠦᠰᠦᠭ ᠪᠢᠴᠢᠭ ᠪᠤᠯᠤᠨ ᠦᠬᠡ ᠬᠡᠯᠡᠨ ᠤ ᠠᠰᠠᠭᠤᠨ | ᠯᠠᠪᠯᠠᠬᠤ ᠦᠢᠯᠡᠴᠢᠯᠡᠭᠡ ᠬᠠᠩᠭᠠᠬᠤ ᠪᠤᠯᠤᠨ᠎ᠠ᠃ | ︽ᠢᠨᠲ᠋ᠧᠷ ᠰᠦᠯᠵᠢᠶ᠎ᠠ · ᠬᠦᠮᠦᠨ ᠦᠬᠡᠢ ᠬᠠᠤᠯᠢᠴᠢ ᠶᠢᠨ ᠭᠠᠵᠠᠷ︾ ᠨᠢ ᠳ᠋ᠢᠶᠠᠩᠬᠤᠸᠠ ᠪᠠᠷ ᠠᠰᠠᠭᠤᠨ | ᠯᠠᠪᠯᠠᠬᠤ᠂ ᠸᠢᠳᠢᠤ᠋ ᠢᠶᠠᠷ ᠠᠰᠠᠭᠤᠨ ᠯᠠᠪᠯᠠᠬᠤ᠂ ᠦᠰᠦᠭ ᠪᠢᠴᠢᠭ ᠢᠶᠠᠷ ᠠᠰᠠᠭᠤᠨ ᠯᠠᠪᠯᠠᠬᠤ ᠪᠤᠯᠤᠨ ᠨᠢᠭᠤᠷᠳᠠᠨ | ᠠᠰᠠᠭᠤᠨ ᠯᠠᠪᠯᠠᠬᠤ4 ᠲᠦᠷᠦᠯ ᠬᠤᠪᠢᠶᠠᠵᠤ᠂ ᠠᠳᠠᠯᠢ ᠪᠤᠰᠤ ᠠᠰᠠᠭᠤᠨ ᠯᠠᠪᠯᠠᠬᠤ ᠭᠠᠵᠠᠷ ᠤᠨ ᠬᠤᠷᠢᠶᠠᠬᠤ | ᠰᠦᠢᠳᠬᠡᠯ ᠨᠢ ᠠᠳᠠᠯᠢ ᠦᠬᠡᠢ᠃ ᠡᠬᠦᠨ ᠤ ᠲᠤᠳᠤᠷ᠎ᠠ ᠬᠦᠮᠦᠨ ᠪᠦᠷᠢ ᠡᠳᠦᠷ ᠪᠦᠷᠢ ᠸᠢᠳᠢᠤ᠋ ᠪᠠᠷ ᠬᠠᠭᠠᠰ ᠴᠠᠭ ᠤᠨ | ᠲᠤᠳᠤᠷ᠎ᠠ ᠦᠨ᠎ᠠ ᠲᠦᠯᠦᠪᠦᠷᠢ ᠦᠬᠡᠢ ᠪᠠᠷ ᠠᠰᠠᠭᠤᠨ ᠯᠠᠪᠯᠠᠵᠤ ᠪᠤᠯᠤᠨ᠎ᠠ᠂ ᠬᠠᠭᠠᠰ ᠴᠠᠭ ᠠᠴᠠ ᠬᠡᠳᠦᠷᠡᠪᠠᠯ ᠴᠠᠭ | ᠪᠦᠷᠢ ᠶᠢᠨ30 ᠲᠦᠬᠦᠷᠢᠭ ᠤᠨ ᠰᠦᠢᠳᠬᠡᠯ ᠬᠤᠷᠢᠶᠠᠨ᠎ᠠ᠃ ︽ᠢᠨᠲ᠋ᠧᠷ ᠰᠦᠯᠵᠢᠶ᠎ᠠ + ᠬᠠᠤᠯᠢᠴᠢ ᠶᠢᠨ | ᠦᠢᠯᠡᠴᠢᠯᠡᠭᠡ︾ ᠶᠢᠨ ᠰᠢᠨ᠎ᠠ ᠠᠷᠭ᠎ᠠ ᠬᠡᠯᠪᠡᠷᠢ ᠨᠢ ᠬᠠᠤᠯᠢ ᠴᠠᠭᠠᠵᠠ ᠶᠢᠨ ᠦᠢᠯᠡᠴᠢᠯᠡᠭᠡ ᠶᠢ ᠦᠨᠡᠩᠬᠦ ᠤᠯᠠᠨ | ᠲᠦᠮᠡᠨ ᠤ ᠬᠠᠵᠠᠭᠤ ᠳᠤ ᠬᠦᠷᠬᠡᠵᠤ ᠲᠦᠬᠦᠮ ᠦᠢᠯᠡᠴᠢᠯᠡᠭᠡ ᠬᠠᠩᠭᠠᠵᠤ ᠴᠢᠳᠠᠭᠰᠠᠨ ᠪᠠᠶᠢᠨ᠎ᠠ᠃ | |