︽︿ᠯᠢᠨᠰᠢ ᠰᠢᠶᠠᠨ ᠤ ᠠᠶᠤᠯᠭᠦᠶ ᠦᠢᠯᠡᠳᠪᠦᠷᠢᠯᠡᠯ ᠤᠨ ᠶᠡᠭᠡ ᠪᠠᠶᠢᠴᠠᠭᠠᠯᠲᠠ ᠶᠢᠨ ᠬᠡᠷᠡᠭᠵᠢᠭᠦᠯᠬᠦ | ᠲᠥᠰᠦᠯ﹀ ᠢ ᠳᠠᠷᠤᠮᠠᠯᠯᠠᠨ ᠲᠠᠷᠬᠠᠭᠠᠬᠤ ᠲᠤᠬᠠᠶ ᠯᠢᠨᠰᠢ ᠰᠢᠶᠠᠨ ᠤ ᠠᠶᠤᠯᠭᠦᠶ ᠦᠢᠯᠡᠳᠪᠦᠷᠢᠯᠡᠯ ᠤᠨ ᠵᠥᠪᠯᠡᠯ ᠤᠨ | ᠠᠯᠪᠠᠨ ᠭᠡᠷ ᠤᠨ ᠮᠡᠳᠡᠭᠳᠡᠯ︾ ︵ᠯᠢᠨᠰᠢ ᠠᠮᠤᠷ ᠲᠦᠪᠰᠢᠨ ᠤ ᠵᠥᠪᠯᠡᠯ ᠤᠨ ᠠᠯᠪᠠᠨ ᠭᠡᠷ ᠲᠠᠷᠬᠠᠭᠠᠭᠰᠠᠨ ︹ | 2019 ︺ 35 ᠳ᠋ᠤᠭᠠᠷ ᠲᠣᠭᠠᠲᠤ︶ ᠤᠨ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠦᠨᠳᠦᠰᠦᠯᠡᠨ᠂ | ᠬᠡᠷᠡᠭᠵᠢᠭᠦᠯᠬᠦ ᠲᠥᠰᠦᠯ ᠢ ᠲᠣᠭᠲᠠᠭᠠᠪᠠ᠃ ᠯᠢᠨᠰᠢ ᠰᠢᠶᠠᠨ ᠤ ᠤᠰᠤᠨ ᠠᠰᠢᠭᠯᠠᠯᠲᠠ ᠶᠢᠨ ᠲᠣᠪᠴᠢᠶ᠎ᠠ ᠶᠢᠨ | ᠠᠶᠦᠯᠬᠦᠢ ᠦᠢᠯᠡᠳᠪᠦᠷᠢᠯᠡᠯ ᠤᠨ ᠶᠡᠭᠡ ᠪᠠᠶᠢᠴᠠᠭᠠᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠢ ᠪᠠᠶᠢᠭᠤᠯᠵᠤ᠂ | ᠤᠰᠤᠨ ᠠᠰᠢᠭᠯᠠᠯᠲᠠ ᠶᠢᠨ ᠰᠢᠰᠲ᠋ᠧᠮ ᠢ ᠵᠢᠯᠣᠭᠤᠳᠬᠤ ᠪᠠ ᠲᠡᠭᠦᠨ ᠳᠤ ᠬᠢᠨᠠᠯᠲᠠ ᠲᠠᠯᠪᠢᠬᠤ ᠶᠢ ᠬᠠᠷᠢᠭᠤᠴᠠᠨ᠂ | ᠠᠶᠦᠯᠬᠦᠢ ᠦᠢᠯᠡᠳᠪᠦᠷᠢᠯᠡᠯ ᠤᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠰᠠᠨ ᠪᠠᠶᠢᠨ᠎ᠠ᠃ | 11 ᠰᠠᠷ᠎ᠠ ᠶᠢᠨ 6 ᠤ ᠡᠳᠦᠷ᠂ ᠯᠢᠨᠰᠢ ᠰᠢᠶᠠᠨ ᠤ ᠤᠰᠤᠨ ᠠᠰᠢᠭᠯᠠᠯᠲᠠ ᠶᠢᠨ ᠲᠣᠪᠴᠢᠶ᠎ᠠ | ᠤᠰᠤᠯᠠᠯᠲᠠ ᠶᠢᠨ ᠣᠷᠣᠨ ᠤ ᠠᠶᠦᠯᠬᠦᠢ ᠦᠢᠯᠡᠳᠪᠦᠷᠢᠯᠡᠯ ᠤᠨ ᠬᠠᠮᠢᠶᠠᠷᠤᠯᠲᠠ ᠶᠢᠨ ᠠᠵᠢᠯᠲᠠᠨ ᠳᠤ ᠠᠶᠤᠯᠭᠦᠶ | ᠦᠢᠯᠡᠳᠪᠦᠷᠢᠯᠡᠯ ᠤᠨ ᠪᠣᠯᠪᠠᠰᠤᠷᠠᠯ ᠬᠦᠷᠲᠡᠭᠡᠵᠦ᠂ ᠠᠮᠢᠳᠤᠷᠠᠯ ᠤᠨ ᠲᠣᠭᠤᠷᠢᠭ ᠤᠨ ᠭᠠᠯ ᠰᠡᠷᠭᠡᠶᠢᠯᠡᠬᠦ᠂ ᠴᠠᠬᠢᠯᠭᠠᠨ | ᠬᠡᠷᠡᠭᠯᠡᠬᠦ᠂ ᠬᠡᠢ ᠬᠡᠷᠡᠭᠯᠡᠬᠦ ᠵᠡᠷᠭᠡ ᠠᠮᠤᠷ ᠲᠦᠪᠰᠢᠨ ᠤ ᠬᠠᠮᠢᠶᠠᠷᠤᠯᠲᠠ ᠶᠢ ᠴᠢᠩᠭᠠᠳᠬᠠᠵᠤ᠂ ᠠᠶᠤᠯᠭᠦᠶ | ᠦᠢᠯᠡᠳᠪᠦᠷᠢᠯᠡᠯ ᠤᠨ ᠬᠠᠮᠢᠶᠠᠷᠤᠯᠲᠠ ᠶᠢᠨ ᠠᠵᠢᠯᠲᠠᠨ ᠤ ᠠᠶᠤᠯᠭᠦᠶ ᠦᠢᠯᠡᠳᠪᠦᠷᠢᠯᠡᠯ ᠤᠨ ᠠᠵᠢᠯ ᠤᠨ ᠴᠢᠬᠤᠯᠠ | ᠴᠢᠨᠠᠷ ᠤᠨ ᠲᠤᠬᠠᠶ ᠲᠠᠨᠢᠯᠲᠠ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠬᠤᠷᠢᠭ᠎ᠠ ᠱᠤᠭᠤᠮ ᠤᠨ ᠤᠬᠠᠮᠰᠠᠷ ᠪᠠ | ᠰᠠᠨᠠᠭᠠᠰᠢᠷᠠᠯ ᠤᠨ ᠤᠬᠠᠮᠰᠠᠷ ᠢ ᠴᠢᠩᠭᠠᠳᠬᠠᠪᠠ᠃ | ᠶᠡᠷᠦᠩᠬᠡᠶ ᠱᠦᠵᠢ ᠰᠢ ᠶᠢᠨ ᠫᠢᠩ ᠤᠨ ᠠᠶᠤᠯᠭᠦᠶ ᠦᠢᠯᠡᠳᠪᠦᠷᠢᠯᠡᠯ ᠤᠨ ᠠᠵᠢᠯ ᠤᠨ ᠲᠤᠬᠠᠶ ᠴᠢᠬᠤᠯᠠ | ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠶ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠤᠬᠠᠭᠤᠯᠭ᠎ᠠ ᠪᠠᠨ | ᠴᠢᠩᠭᠠᠳᠬᠠᠨ᠂ ᠢᠳᠡᠪᠬᠢ ᠠᠭᠤᠷ ᠠᠮᠢᠰᠬᠤᠯ ᠢ ᠪᠣᠶ ᠪᠣᠯᠭᠠᠨ᠎ᠠ︔ ᠡᠯ᠎ᠡ ᠲᠥᠷᠥᠯ ᠤᠨ ᠵᠠᠭᠤᠴᠢᠯᠠᠭᠤᠷ ᠤᠨ | ᠦᠢᠯᠡᠳᠦᠯ ᠢ ᠬᠦᠢᠴᠡᠳ ᠪᠠᠳᠠᠷᠠᠭᠤᠯᠤᠨ᠂ ᠠᠮᠤᠷ ᠲᠦᠪᠰᠢᠨ ᠤ ᠪᠣᠯᠪᠠᠰᠤᠷᠠᠭᠤᠯᠤᠯ ᠬᠢᠬᠦ᠂ ᠰᠡᠷᠡᠮᠵᠢᠯᠡᠭᠦᠯᠬᠦ ᠬᠥᠮᠦᠵᠢᠯ | ᠬᠢᠬᠦ᠂ ᠠᠮᠤᠷ ᠲᠦᠪᠰᠢᠨ ᠤ ᠰᠡᠷᠡᠮᠵᠢᠯᠡᠭᠦᠯᠬᠦ ᠤᠷᠢᠶ᠎ᠠ ᠯᠤᠽᠦ᠋ᠩ ᠢ ᠡᠯᠭᠦᠬᠦ ᠵᠡᠷᠭᠡ ᠬᠡᠯᠪᠡᠷᠢ ᠮᠠᠶ᠋ᠢᠭ ᠢ ᠠᠪᠴᠤ᠂ ᠪᠦᠬᠦ | ᠠᠷᠠᠳ ᠤᠨ ᠠᠮᠤᠷ ᠲᠦᠪᠰᠢᠨ ᠤ ᠦᠵᠡᠯ ᠤᠬᠠᠮᠰᠠᠷ ᠢ ᠲᠡᠭᠡᠭᠰᠢᠯᠡᠬᠦᠯᠦᠨ᠎ᠠ︔ ᠣᠯᠠᠨ ᠵᠦᠢᠯ ᠤᠨ ᠠᠷᠭ᠎ᠠ ᠬᠡᠯᠪᠡᠷᠢ | ᠪᠠᠷ ᠤᠰᠤᠨ ᠠᠰᠢᠭᠯᠠᠯᠲᠠ ᠶᠢᠨ ᠠᠶᠦᠯᠬᠦᠢ ᠦᠢᠯᠡᠳᠪᠦᠷᠢᠯᠡᠯ ᠤᠨ ᠮᠡᠳᠡᠯᠭᠡ ᠶᠢ ᠥᠷᠭᠡᠨ ᠢᠶᠠᠷ ᠤᠬᠠᠭᠤᠯᠵᠤ᠂ | ᠠᠶᠦᠯᠬᠦᠢ ᠦᠢᠯᠡᠳᠪᠦᠷᠢᠯᠡᠯ ᠤᠨ ᠮᠡᠳᠡᠯᠭᠡ ᠶᠡᠷᠦ ᠶᠢᠨ ᠮᠡᠳᠡᠯᠭᠡ ᠶᠢ ᠲᠦᠭᠡᠮᠡᠯᠵᠢᠭᠦᠯᠦᠨ᠂ ᠬᠦᠴᠦᠷᠬᠡᠭ ᠶᠡᠭᠡ | ᠤᠬᠠᠭᠤᠯᠭ᠎ᠠ ᠶᠢᠨ ᠰᠦᠷ ᠬᠦᠴᠦᠨ ᠢ ᠪᠤᠢ ᠪᠣᠯᠭᠠᠵᠤ᠂ ᠰᠠᠶᠢᠨ ᠰᠠᠶᠢᠬᠠᠨ ᠠᠵᠢᠯ ᠤᠨ ᠠᠭᠤᠷ ᠠᠮᠢᠰᠬᠤᠯ ᠢ ᠪᠤᠢ | ᠪᠤᠯᠭᠠᠨ᠎ᠠ᠃ | |