︽ᠭᠤᠷᠪᠠᠨ ᠶᠡᠭᠡ ᠪᠤᠭᠤᠮᠳᠠ ᠰᠢᠪᠳᠤᠯᠬᠤ ᠲᠤᠯᠤᠯᠳᠤᠭᠠᠨ︾ ᠢ ᠪᠦᠬᠦ ᠬᠦᠴᠦ ᠪᠠᠷ ᠰᠠᠶᠢᠳᠤᠷ ᠬᠢᠵᠦ ᠠᠵᠦ | ᠠᠬᠤᠢ ᠶᠢᠨ ᠴᠢᠨᠠᠷ ᠰᠠᠶᠢᠨ ᠬᠦᠭᠵᠢᠯᠳᠡ ᠶᠢ ᠠᠬᠢᠭᠤᠯᠬᠤ ᠬᠡᠷᠡᠭᠳᠠᠢ | 6 ᠰᠠᠷ᠎ᠠ ᠶᠢᠨ 1 ᠤ ᠡᠳᠤᠷ ᠠᠴᠠ 2 ᠤᠨ ᠡᠳᠤᠷ ᠪᠤᠯᠳᠠᠯ᠎ᠠ᠂ ᠬᠤᠳᠠ ᠶᠢᠨ ᠨᠠᠮ ᠤᠨ ᠬᠤᠷᠢᠶᠠᠨ ᠤ ᠲᠡᠳ᠋ | ᠱᠦᠵᠢ᠂ ᠬᠤᠳᠠ ᠶᠢᠨ ᠲᠠᠷᠤᠭ᠎ᠠ ᠮᠧᠩ ᠰᠢᠶᠠᠨ ᠳ᠋ᠦᠩ ᠯᠢᠨᠰᠢ ᠰᠢᠶᠠᠨ᠂ ᠤᠩᠨᠢᠭᠤᠳ ᠬᠤᠰᠢᠭᠤᠨ ᠳᠤ ᠪᠠᠶᠢᠴᠠᠭᠠᠨ | ᠰᠤᠳᠤᠯᠤᠯᠳᠠ ᠬᠢᠵᠠᠢ᠃ ᠲᠡᠷᠡ᠂ ︽ᠭᠤᠷᠪᠠᠨ ᠶᠡᠭᠡ ᠪᠤᠭᠤᠮᠳᠠ ᠰᠢᠪᠳᠤᠯᠬᠤ ᠲᠤᠯᠤᠯᠳᠤᠭᠠᠨ︾ ᠢ ᠪᠦᠬᠦ ᠬᠦᠴᠦ ᠪᠠᠷ | ᠰᠠᠶᠢᠳᠤᠷ ᠬᠢᠵᠦ ᠠᠵᠦ ᠠᠬᠤᠢ ᠶᠢᠨ ᠴᠢᠨᠠᠷ ᠰᠠᠶᠢᠨ ᠬᠦᠭᠵᠢᠯᠳᠡ ᠶᠢ ᠠᠬᠢᠭᠤᠯᠬᠤ ᠬᠡᠷᠡᠭᠳᠠᠢ ᠭᠡᠵᠦ ᠴᠢᠬᠤᠯᠠᠴᠢᠯᠠᠬᠰᠠᠨ | ᠪᠠᠶᠢᠨ᠎ᠠ᠃ | ᠮᠧᠩ ᠰᠢᠶᠠᠨ ᠳ᠋ᠦᠩ ᠨᠠᠷ ᠤᠷᠢᠳ ᠬᠤᠵᠢᠳ ᠯᠢᠨᠰᠢ ᠰᠢᠶᠠᠨ ᠤ ᠰᠢᠨ᠎ᠠ ᠴᠧᠩᠽᠢ ᠪᠠᠯᠭᠠᠰᠦ ᠶᠢᠨ | ᠢᠡᠭᠳᠤᠤᠷ ᠤᠨ ᠭᠤᠤ ᠲᠤᠰᠬᠤᠨ ᠤ ᠱᠠᠨ ᠸᠠᠨᠽᠢ ᠠᠶᠢᠯ᠂ ᠱᠡᠭᠡᠷᠳᠦ ᠰᠢᠶᠠᠩ ᠤᠨ ᠤᠯᠠᠭᠠᠨ ᠭᠤᠤ ᠲᠤᠰᠬᠤᠨ ᠤ | ᠰᠠᠨ ᠳ᠋ᠤᠤ ᠯᠢᠶᠠᠩᠽᠢ ᠠᠶᠢᠯ᠂ ᠰᠢᠶᠠᠨ ᠤ ᠶᠡᠳᠡᠭᠤ ᠶᠢ ᠲᠡᠳᠬᠦᠨ ᠠᠵᠢᠯ ᠤᠯᠭᠤᠵᠦ ᠦᠢᠯᠡᠰ ᠪᠤᠰᠬᠠᠬᠤ | ᠦᠢᠯᠡᠴᠢᠯᠡᠭᠡᠨ ᠤ ᠲᠦᠪ ᠪᠠ ᠳ᠋ᠦᠩ ᠱᠠᠨ ᠠᠮᠢ ᠠᠬᠤᠢ ᠪᠠᠷ ᠶᠠᠳᠠᠭᠤ ᠶᠢ ᠲᠡᠳᠬᠦᠬᠦ ᠠᠵᠦ ᠦᠢᠯᠡᠰ ᠤᠨ | ᠬᠦᠷᠢᠶᠡᠯᠡᠩ ᠳᠤ ᠬᠦᠨᠵᠡᠬᠡᠶᠢᠷᠡᠵᠦ᠂ ᠶᠡᠳᠡᠭᠤ ᠶᠢ ᠲᠡᠳᠬᠦᠬᠦ ᠠᠵᠦ ᠦᠢᠯᠡᠰ ᠤᠨ ᠬᠦᠭᠵᠢᠯᠳᠡ᠂ ᠲᠤᠰᠬᠤᠨ ᠳᠤ | ᠰᠠᠭᠤᠵᠦ ᠬᠠᠪᠰᠤᠷᠤᠨ ᠲᠡᠳᠬᠦᠬᠦ᠂ ᠶᠠᠳᠠᠭᠤ ᠬᠦᠴᠢᠷᠳᠡᠯᠳᠠᠢ ᠡᠷᠦᠬᠡ ᠶᠢᠨ ᠤᠷᠤᠯᠭ᠎ᠠ᠂ ᠤᠷᠤᠨ ᠰᠠᠭᠤᠴᠠ ᠶᠢᠨ | ᠠᠮᠤᠷ ᠲᠦᠪᠰᠢᠨ᠂ ᠤᠰᠤ ᠤᠮᠳᠠ ᠶᠢᠨ ᠠᠮᠤᠷ ᠲᠦᠪᠰᠢᠨ ᠵᠡᠷᠭᠡ ᠪᠠᠶᠢᠳᠠᠯ ᠢ ᠨᠠᠷᠢᠯᠢᠬ ᠤᠢᠢᠯᠠᠭᠠᠬᠰᠠᠨ ᠮᠦᠷᠳᠡᠭᠡᠨ | ᠶᠠᠳᠠᠭᠤ ᠠᠴᠠ ᠠᠩᠬᠢᠵᠢᠷᠠᠭᠤᠯᠬᠤ ᠨᠢᠭᠡᠳᠦᠭᠡᠷ ᠹᠷᠤᠨᠲ ᠲᠡᠭᠡᠷ᠎ᠠ ᠲᠡᠮᠡᠴᠡᠵᠦ ᠪᠠᠶᠢᠭ᠎ᠠ ᠺᠠᠳ᠋ᠷ ᠤᠯᠠᠨ ᠲᠦᠮᠠᠨ ᠢ | ᠲᠤᠳᠤᠨᠤᠰᠤᠭ ᠢᠶᠠᠷ ᠲᠤᠬᠤᠨᠢᠭᠤᠯᠵᠠᠢ᠃ | ᠮᠧᠩ ᠰᠢᠶᠠᠨ ᠳ᠋ᠦᠩ᠂ ᠯᠢᠨᠰᠢ ᠰᠢᠶᠠᠨ ᠪᠦᠬᠦ ᠬᠤᠳᠠ᠂ ᠪᠦᠬᠦ ᠤᠷᠤᠨ ᠳᠤ ᠶᠠᠳᠠᠭᠤ ᠠᠴᠠ | ᠠᠩᠬᠢᠵᠢᠷᠠᠭᠤᠯᠬᠤ ᠠᠵᠢᠯ ᠢ ᠤᠷᠢᠳᠠᠪᠠᠷ ᠡᠬᠢᠯᠡᠬᠦᠯᠵᠦ᠂ ᠠᠴᠢ ᠬᠤᠯᠪᠤᠬᠳᠠᠯ ᠢᠶᠠᠷ ᠲᠦᠢᠯ ᠤᠨ ᠶᠡᠭᠡ ᠶᠤᠮ᠃ ᠡᠯ᠎ᠠ | ᠱᠠᠳᠤᠨ ᠤ ᠺᠠᠳ᠋ᠷ ᠤᠯᠠᠨ ᠲᠦᠮᠡᠨ ᠢᠳᠡᠭᠡᠯ ᠵᠤᠷᠢᠬ ᠢᠶᠠᠨ ᠬᠦᠪᠴᠢᠯᠡᠵᠦ᠂ ᠯᠠᠪᠳᠠᠭᠤᠨ ᠢᠶᠠᠷ ᠠᠬᠢᠭᠤᠯᠵᠦ᠂ | ᠪᠠᠶᠢᠴᠠᠭᠠᠯᠳᠠ ᠠᠴᠠ ᠡᠮᠤᠨᠡᠬᠢ ᠪᠦᠳᠦᠮᠵᠢᠳᠠᠢ ᠴᠠᠬ ᠢ ᠠᠰᠢᠬᠯᠠᠵᠦ᠂ ᠡᠯ᠎ᠠ ᠲᠦᠷᠦᠯ ᠤᠨ ᠠᠵᠢᠯ ᠤᠨ ᠴᠢᠨᠠᠷ ᠰᠠᠶᠢᠨ | ᠪᠠᠶᠢᠬᠤ ᠶᠢ ᠪᠠᠳᠤᠯᠠᠬᠤ ᠬᠡᠷᠡᠭᠳᠠᠢ ᠭᠡᠵᠦ ᠵᠢᠭᠠᠨ ᠭᠠᠷᠭᠠᠵᠠᠢ᠃ | ᠮᠧᠩ ᠰᠢᠶᠠᠨ ᠳ᠋ᠦᠩ᠂ ᠶᠡᠳᠡᠭᠤ ᠶᠢ ᠲᠡᠳᠬᠦᠨ ᠠᠵᠢᠯ ᠤᠯᠭᠤᠵᠦ ᠦᠢᠯᠡᠰ ᠪᠤᠰᠬᠠᠬᠤ ᠦᠢᠯᠡᠴᠢᠯᠡᠭᠡᠨ ᠤ | ᠲᠦᠪ ᠭᠡᠬᠦ ᠲᠠᠪᠴᠠᠩ ᠢ ᠠᠰᠢᠬᠯᠠᠵᠦ᠂ ᠶᠠᠳᠠᠭᠤ ᠬᠦᠴᠢᠷᠳᠡᠯᠳᠠᠢ ᠬᠦᠮᠦᠨ ᠠᠮᠠ ᠶᠢᠨ ᠮᠡᠷᠭᠡᠵᠢᠯ ᠴᠢᠳᠠᠪᠦᠷᠢ ᠶᠢᠨ | ᠪᠤᠯᠪᠠᠰᠤᠷᠠᠯ ᠢ ᠴᠢᠩᠭᠠᠳᠬᠠᠵᠦ᠂ ᠠᠵᠢᠯ ᠤᠯᠭᠤᠵᠦ ᠦᠢᠯᠡᠰ ᠪᠤᠰᠬᠠᠬᠤ ᠪᠤᠯᠤᠨ ᠶᠠᠳᠠᠭᠤ ᠠᠴᠠ ᠠᠩᠬᠢᠵᠢᠷᠠᠭᠤᠯᠬᠤ | ᠪᠤᠭᠤᠮᠳᠠ ᠰᠢᠪᠳᠤᠯᠬᠤ ᠠᠵᠢᠯ ᠢ ᠤᠷᠭᠠᠨᠢᠬ ᠢᠶᠠᠷ ᠤᠶᠠᠯᠳᠤᠭᠤᠯᠵᠦ᠂ ᠨᠡᠩ ᠤᠯᠠᠨ ᠶᠠᠳᠠᠭᠤ ᠬᠦᠴᠢᠷᠳᠡᠯᠳᠠᠢ ᠬᠦᠮᠦᠨ | ᠠᠮᠠ ᠶᠢᠨ ᠠᠵᠢᠯ ᠤᠯᠭᠤᠯᠳᠠ ᠶᠢ ᠪᠡᠶᠡᠯᠡᠬᠦᠯᠬᠦ ᠭᠡᠷᠡᠭᠳᠠᠢ᠃ ᠠᠮᠢ ᠠᠬᠤᠢ ᠪᠠᠷ ᠶᠠᠳᠠᠭᠤ ᠶᠢ ᠲᠡᠳᠬᠦᠬᠦ ᠠᠵᠦ | ᠦᠢᠯᠡᠰ ᠢ ᠪᠤᠵᠠᠭᠠᠢᠢᠷᠠᠭᠤᠯᠵᠦ᠂ ᠠᠮᠢ ᠠᠬᠤᠢ ᠶᠢᠨ ᠤᠷᠴᠢᠨ ᠲᠤᠭᠤᠷᠢᠨ ᠤ ᠬᠠᠮᠠᠭᠠᠯᠠᠯᠳᠠ ᠶᠢ ᠰᠠᠶᠢᠵᠢᠷᠠᠭᠤᠯᠬᠤ ᠪᠠ | ᠵᠢᠭᠤᠯᠴᠢᠯᠠᠯ ᠤᠨ ᠦᠵᠡᠮᠵᠢ ᠶᠢᠨ ᠪᠦᠰᠡ ᠶᠢ ᠴᠤᠭᠴᠠᠯᠠᠬᠤ ᠶᠢᠨ ᠬᠠᠮᠳᠦ ᠰᠤᠶᠤᠯ ᠤᠨ ᠠᠭᠤᠯᠤᠬᠳᠠᠴᠠ ᠪᠠ | ᠰᠤᠶᠤᠯ ᠤᠨ ᠪᠠᠶᠢᠷᠢ ᠰᠠᠭᠤᠷᠢ ᠶᠢ ᠲᠡᠭᠡᠭᠰᠢᠯᠡᠬᠦᠯᠬᠦ ᠭᠡᠷᠡᠭᠳᠡᠢ ᠭᠡᠵᠤ ᠵᠢᠭᠠᠵᠤ ᠭᠠᠷᠭᠠᠪᠠ᠂ ᠠᠮᠢ ᠠᠬᠤᠢ ᠶᠢᠨ | ᠶᠠᠷᠢᠯᠴᠠᠬᠤ ᠬᠤᠷᠠᠯ ᠲᠡᠭᠡᠷ᠎ᠠ᠂ ᠪᠠᠶᠢᠴᠠᠭᠠᠯᠳᠠ ᠶᠢ ᠤᠬᠳᠤᠬᠤ ᠡᠯ᠎ᠠ ᠲᠦᠷᠦᠯ ᠤᠨ ᠪᠡᠯᠡᠳᠭᠡᠯ ᠠᠵᠢᠯ ᠢ ᠬᠦᠢᠴᠡᠳ | ᠨᠤᠳᠠᠯᠠᠬᠤ ᠶᠢᠨ ᠬᠠᠮᠳᠦ ᠮᠧᠩ ᠰᠢᠶᠠᠨ ᠳ᠋ᠦᠩ ᠪᠠᠰᠠ᠂ ᠯᠢᠨᠰᠢ ᠰᠢᠶᠠᠨ ᠤ ᠨᠠᠮ ᠤᠨ ᠬᠤᠷᠢᠶ᠎ᠠ᠂ ᠵᠠᠰᠠᠬ ᠤᠨ ᠤᠷᠳᠤᠨ | ᠡᠷᠭᠡᠪᠰᠢ ︽ᠭᠤᠷᠪᠠᠨ ᠨᠤᠷᠮ᠎ᠠ ᠨᠢᠬᠡ ᠬᠡᠮᠵᠢᠶ᠎ᠠ︾ ᠶᠢᠨ ᠤᠷᠬᠢᠭᠳᠠᠭᠤᠯᠤᠯ ᠢ ᠪᠠᠶᠢᠴᠠᠭᠠᠵᠦ ᠲᠤᠳᠠᠭᠤᠳᠠᠯ ᠢ | ᠨᠦᠬᠦᠪᠦᠷᠢᠯᠡᠵᠦ᠂ ᠢᠯᠠᠩᠭᠤᠶ᠎ᠠ ᠪᠤᠶᠢᠳᠡ ᠪᠦᠭᠯᠡᠬᠦᠦ ᠭᠠᠵᠠᠷ ᠤᠷᠤᠨ ᠢᠶᠠᠷ ᠰᠢᠪᠳᠤᠯᠤᠯᠳᠠ ᠶᠢᠨ ᠱᠠᠳᠤᠨ ᠳᠠᠬᠢ | ᠬᠦᠴᠤᠯᠡᠬᠦ ᠴᠡᠭ ᠪᠤᠯᠭᠠᠵᠦ᠂ ᠲᠤᠤᠷ᠎ᠠ ᠪᠠᠳᠤᠯᠠᠭᠠᠳᠦ ᠡᠷᠦᠬᠡ ᠵᠡᠷᠭᠡ ᠤᠨᠴᠠᠭᠠᠢ ᠤᠯᠠᠨ ᠲᠦᠮᠡᠨ ᠤ ᠦᠵᠡᠯ | ᠰᠠᠨᠠᠭᠠᠨ ᠤ ᠠᠵᠢᠯ ᠢ ᠰᠠᠶᠢᠳᠤᠷ ᠬᠢᠬᠦ ᠬᠡᠷᠡᠭᠳᠠᠢ︔ ᠬᠦᠳᠡᠭᠡ ᠲᠤᠰᠬᠤᠨ ᠤ ᠰᠠᠭᠤᠷᠢᠰᠢᠯ ᠤᠨ ᠤᠷᠴᠢᠨ ᠲᠤᠭᠤᠷᠢᠨ ᠢ | ᠵᠠᠰᠠᠨ ᠴᠡᠪᠡᠷᠯᠡᠵᠦ᠂ ᠴᠡᠪᠡᠷ ᠴᠡᠮᠴᠡᠭᠡᠷ ᠲᠤᠰᠬᠤᠨ ᠤ ᠲᠦᠷᠢ ᠲᠦᠷᠬᠦ ᠶᠢ ᠴᠤᠬᠴᠠᠯᠠᠬᠤ ᠬᠡᠷᠡᠭᠳᠠᠢ︔ ᠤᠯᠠᠨ | ᠲᠦᠮᠡᠨ ᠤ ᠤᠢᠢᠯᠠᠭᠠᠯᠴᠠᠨ ᠬᠠᠪᠰᠤᠷᠤᠯᠴᠠᠬᠤ ᠶᠢ ᠠᠬᠢᠭᠤᠯᠵᠦ᠂ ᠬᠢᠨᠠᠨ ᠦᠨᠡᠯᠡᠬᠦ ᠲᠤᠭᠤᠢᠢᠯᠠᠩ ᠯᠤᠭ᠎ᠠ ᠶᠢᠨ | ᠶᠠᠪᠤᠯᠴᠠᠭ᠎ᠠ ᠬᠠᠷᠢᠯᠴᠠᠭ᠎ᠠ ᠶᠢᠨ ᠠᠵᠢᠯ ᠢ ᠰᠠᠶᠢᠳᠤᠷ ᠬᠢᠵᠦ᠂ ᠴᠢᠩᠭ᠎ᠠ᠂ ᠪᠤᠳᠠᠳᠠᠢ᠂ ᠨᠠᠷᠢᠯᠢᠬ ᠤᠪᠤᠷ ᠢᠶᠠᠷ ᠪᠡᠯᠡᠳᠭᠡᠯ | ᠠᠵᠢᠯ ᠢ ᠰᠠᠶᠢᠳᠤᠷ ᠬᠢᠵᠦ ᠪᠠᠶᠢᠴᠠᠭᠠᠯᠳᠠ ᠶᠢ ᠤᠬᠳᠤᠬᠤ ᠡᠯ᠎ᠠ ᠲᠦᠷᠦᠯ ᠤᠨ ᠠᠵᠢᠯ ᠤᠨ ᠤᠷᠤᠬᠰᠢᠳᠠᠢ | ᠶᠡᠪᠤᠬᠳᠠᠬᠤ ᠶᠢ ᠪᠠᠳᠤᠯᠠᠬᠤ ᠬᠡᠷᠡᠭᠳᠠᠢ ᠭᠡᠵᠦ ᠱᠠᠭᠠᠷᠳᠠᠵᠠᠢ᠃ | ᠤᠩᠨᠢᠭᠤᠳ ᠬᠤᠰᠢᠭᠤᠨ ᠤ ᠵᠦᠩ ᠯᠢᠶᠠᠩ ︵ᠵᠢᠶᠠ ᠵᠢᠶᠠ ᠺᠠᠩ︶ ᠲᠡᠵᠢᠬᠡᠨ ᠦᠷᠡᠵᠢᠬᠦᠯᠬᠦ ᠲᠠᠯᠠᠪᠠᠢ ᠳᠤ | ᠬᠦᠷᠴᠤ ᠪᠠᠶᠢᠴᠠᠭᠠᠨ ᠰᠤᠳᠤᠯᠬᠤ ᠳᠠᠭᠠᠨ᠂ ᠮᠧᠩ ᠰᠢᠶᠠᠨ ᠳ᠋ᠦᠩ᠂ ᠠᠵᠦ ᠠᠬᠤᠢᠢᠯᠠᠯ ᠡᠷᠭᠡᠪᠰᠢ ᠤᠷᠴᠢᠨ | ᠲᠤᠭᠤᠷᠢᠨ ᠤ ᠬᠠᠮᠠᠭᠠᠯᠠᠯᠳᠠ ᠶᠢᠨ ᠠᠵᠢᠯ ᠢ ᠲᠡᠭᠡᠳᠦ ᠬᠡᠮᠵᠢᠶ᠎ᠠ ᠪᠠᠷ ᠬᠦᠨᠳᠦᠳᠭᠡᠬᠦ ᠬᠡᠷᠡᠭᠳᠠᠢ ᠭᠡᠵᠦ ᠱᠠᠭᠠᠷᠳᠠᠬᠰᠠᠨ | ᠮᠦᠷᠳᠡᠭᠡᠨ ᠠᠵᠦ ᠠᠬᠤᠢᠢᠯᠠᠯ ᠤᠨ ᠦᠢᠯᠡᠳᠪᠦᠷᠢᠯᠡᠯ ᠡᠵᠡᠩᠨᠡᠯᠳᠡ ᠲᠤᠮᠳᠠ ᠢᠯᠡᠷᠡᠭᠰᠡᠨ ᠤᠷᠴᠢᠨ ᠲᠤᠭᠤᠷᠢᠨ ᠤ | ᠠᠰᠠᠭᠤᠳᠠᠯ ᠢ ᠵᠠᠰᠠᠬᠤ ᠳᠤ ᠪᠤᠳᠠᠳᠠᠢ ᠱᠠᠭᠠᠷᠳᠠᠯᠭ᠎ᠠ ᠲᠤᠷᠠᠳᠴᠠᠢ᠃ ᠬᠤᠳᠠ ᠶᠢᠨ ᠲᠡᠳ᠋ ᠲᠠᠷᠤᠭ᠎ᠠ ᠸᠠᠩ ᠬᠦᠸᠧ | ᠰᠧᠨ᠂ ᠬᠤᠳᠠ ᠶᠢᠨ ᠵᠠᠰᠠᠬ ᠤᠨ ᠤᠷᠳᠤᠨ ᠤ ᠨᠠᠷᠢᠨ ᠪᠢᠴᠢᠭ ᠤᠨ ᠲᠠᠷᠤᠭ᠎ᠠ ᠸᠠᠩ ᠯᠢ ᠡᠸ᠋ᠨ ᠪᠠᠶᠢᠴᠠᠭᠠᠨ | ᠰᠤᠳᠤᠯᠤᠯᠳᠠ ᠳᠤ ᠪᠠᠷ᠎ᠠ ᠪᠤᠯᠤᠯᠴᠠᠵᠠᠢ᠃ |