ᠰᠤᠷᠪᠤᠯᠵᠢᠯᠠᠭᠴᠢ ᠦᠪᠦᠷ ᠮᠤᠩᠭᠤᠯ ᠤᠨ ᠠᠮᠤ ᠪᠤᠳᠠᠭᠠᠨ ᠤ ᠲᠤᠪᠴᠢᠶ᠎ᠠ ᠠᠴᠠ ᠣᠶᠢᠯᠠᠭᠠᠭᠰᠠᠨ ᠢᠶᠠᠷ᠂ | ᠮᠠᠨ ᠤ ᠤᠷᠤᠨ ᠡᠨᠡ ᠨᠠᠮᠤᠷ 517 ᠳ᠋ᠦᠩᠰᠢᠭᠤᠷ ᠵᠢᠩ ᠠᠮᠤ ᠪᠤᠳᠠᠭ᠎ᠠ ᠬᠤᠷᠢᠶᠠᠵᠤ᠂ ᠡᠭᠦᠨ ᠳᠤ 417 | ᠳ᠋ᠦᠩᠰᠢᠭᠤᠷ ᠵᠢᠩ ᠡᠷᠳᠡᠨᠢ ᠰᠢᠰᠢ ᠪᠤᠯᠤᠨ 25 ᠳ᠋ᠦᠩᠰᠢᠭᠤᠷ ᠵᠢᠩ ᠰᠢᠷ᠎ᠠ ᠪᠤᠷᠴᠠᠭ ᠬᠤᠷᠢᠶᠠᠵᠠᠢ᠃ ᠵᠢᠱᠢᠯᠳᠡ ᠪᠠᠷ᠂ | ᠡᠨᠡ ᠵᠢᠯ ᠪᠦᠬᠦ ᠤᠷᠤᠨ ᠤ ᠡᠷᠳᠡᠨᠢ ᠰᠢᠰᠢ ᠬᠤᠳᠠᠯᠳᠤᠨ ᠠᠪᠬᠤ ᠬᠡᠮᠵᠢᠶ᠎ᠠ 340 ᠳ᠋ᠦᠩᠰᠢᠭᠤᠷ ᠵᠢᠩ᠂ ᠰᠢᠷ᠎ᠠ | ᠪᠤᠷᠴᠠᠭ ᠬᠤᠳᠠᠯᠳᠤᠨ ᠠᠪᠬᠤ ᠬᠡᠮᠵᠢᠶ᠎ᠠ 18 ᠳ᠋ᠦᠩᠰᠢᠭᠤᠷ ᠵᠢᠩ ᠳᠤ ᠬᠦᠷᠬᠦ ᠪᠤᠯᠤᠨ᠎ᠠ᠃ ᠡᠬᠦᠨ ᠠᠴᠠ ᠭᠠᠳᠠᠨ᠎ᠠ | ᠡᠷᠳᠡᠨᠢ ᠰᠢᠰᠢ ᠶᠢ ᠡᠳ᠋ᠰᠢᠭᠦᠯᠦᠨ ᠪᠤᠯᠪᠠᠰᠤᠷᠠᠭᠤᠯᠬᠤ ᠬᠡᠷᠡᠭᠴᠡᠭᠡ ᠱᠠᠭᠠᠷᠳᠠᠯᠭ᠎ᠠ ᠬᠢᠵᠠᠭᠠᠷ ᠲᠠᠢ᠂ ᠤᠯᠠᠩᠭᠢ ᠮᠠᠯᠴᠢᠨ | ᠲᠠᠷᠢᠶᠠᠴᠢᠨ ᠠᠮᠤ ᠪᠤᠳᠠᠭ᠎ᠠ ᠬᠤᠳᠠᠯᠳᠤᠬᠤ ᠳᠤ ᠦᠨ᠎ᠠ ᠬᠠᠩᠰᠢ ᠶᠢᠨ ᠦᠰᠦᠯᠳᠡ ᠶᠢ ᠬᠦᠯᠢᠶᠡᠬᠦ ᠤᠪᠤᠷ ᠲᠡᠶᠢᠯᠦᠩᠭᠢ | ᠪᠠᠶᠢᠵᠤ᠂ ᠠᠮᠤ ᠪᠤᠳᠠᠭ᠎ᠠ ᠶᠢ ᠬᠤᠳᠠᠯᠳᠤᠨ ᠠᠪᠴᠦ ᠭᠠᠳᠠᠭᠰᠢ ᠭᠠᠷᠭᠠᠬᠤ ᠪᠠ ᠬᠤᠳᠠᠯᠳᠤᠨ ᠠᠪᠴᠦ ᠨᠦᠬᠡᠴᠡᠯᠡᠬᠦ | ᠲᠠᠷᠤᠭᠠᠰᠤ ᠨᠡᠯᠢᠶᠡᠳ ᠶᠡᠭᠡ ᠪᠠᠶᠢᠭᠰᠠᠭᠠᠷ᠃ ᠡᠬᠦᠨ ᠳᠤ ᠦᠪᠡᠷᠳᠡᠬᠡᠨ ᠵᠠᠰᠠᠬᠤ ᠤᠷᠤᠨ ᠠᠴᠠ ᠵᠠᠬ᠎ᠠ ᠳᠡᠯᠬᠡᠭᠦᠷ᠂ | ᠪᠡᠯᠡ ᠮᠦᠩᠬᠦ᠂ ᠨᠦᠬᠡᠴᠡᠯᠡᠯᠳᠡ ᠬᠠᠳᠠᠭᠠᠯᠠᠯᠳᠠ᠂ ᠵᠠᠮ ᠬᠠᠷᠢᠯᠴᠠᠭ᠎ᠠ ᠵᠡᠷᠬᠡ ᠲᠠᠯ᠎ᠠ ᠶᠢᠨ ᠠᠵᠢᠯ ᠢᠶᠠᠨ ᠴᠢᠩᠭᠠᠳᠬᠠᠵᠦ᠂ | ᠠᠮᠤ ᠪᠤᠳᠠᠭ᠎ᠠ ᠬᠤᠳᠠᠯᠳᠤᠨ ᠠᠪᠬᠤ ᠠᠵᠢᠯ ᠤᠨ ᠤᠷᠤᠬᠰᠢᠳᠠᠢ ᠶᠠᠪᠤᠬᠳᠠᠬᠤ ᠶᠢ ᠪᠠᠳᠤᠯᠠᠨ᠂ ᠮᠠᠯᠴᠢᠨ ᠲᠠᠷᠢᠶᠠᠴᠢᠨ ᠤ | ᠠᠰᠢᠭ ᠳᠤᠰᠠ ᠶᠢ ᠬᠦᠴᠦᠯᠡᠨ ᠬᠠᠮᠠᠭᠠᠯᠠᠵᠦ ᠪᠠᠶᠢᠨ᠎ᠠ᠃ |