ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠲᠡᠷᠢᠬᠦᠯᠡᠭᠴᠢᠳ ᠤᠨ ᠪᠦᠯᠬᠦᠮ ᠤᠨ ᠠᠩᠬᠠᠳᠤᠭᠠᠷ ᠬᠤᠷᠠᠯ ᠬᠢᠪᠡ
ᠨᠡᠶᠢᠲᠡᠯᠡᠭᠰᠡᠨ ᠴᠠᠭ᠄
2017-10-19
          ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠ ᠶᠢᠰᠦᠳᠦᠭᠡᠷ ᠤᠳᠠᠭ᠎ᠠ ᠶᠢᠨ ᠪᠦᠬᠦ ᠤᠯᠤᠰ ᠤᠨ ᠲᠦᠯᠥᠬᠡᠯᠡᠭᠴᠢᠳ ᠤᠨ ᠶᠡᠭᠡ ᠬᠤᠷᠠᠯ 17 ᠤ ᠦᠳᠡ ᠶᠢᠨ ᠬᠤᠶᠢᠨ᠎ᠡ ᠠᠷᠠᠳ ᠤᠨ ᠶᠡᠭᠡ ᠬᠤᠷᠠᠯ ᠤᠨ ᠲᠠᠩᠬᠢᠮ ᠳᠤ ᠪᠡᠯᠡᠳᠬᠡᠯ ᠬᠤᠷᠠᠯ ᠬᠢᠪᠠ᠃           ᠰᠢ ᠶᠢᠨ ᠫᠢᠩ ᠨᠦᠬᠦᠷ ᠬᠤᠷᠠᠯ ᠳᠤ ᠤᠷᠤᠯᠴᠠᠭᠰᠠᠠ ᠪᠦᠭᠡᠳ ᠴᠢᠬᠤᠯᠠ ᠶᠠᠷᠢᠶ᠎ᠠ ᠲᠠᠯᠪᠢᠵᠠᠢ᠃           ᠬᠤᠷᠠᠯ ᠠᠴᠠ ᠡᠩ ᠲᠡᠷᠢᠭᠦᠨ ᠳᠤ ᠶᠡᠭᠡ ᠬᠤᠷᠠᠯ ᠤᠨ ᠨᠠᠷᠢᠨ ᠪᠢᠴᠢᠭ ᠤᠨ ᠲᠠᠷᠤᠭ᠎ᠠ ᠯᠢᠦ ᠶᠦᠨ ᠱᠠᠨ ᠤ ᠡᠷᠬᠢᠯᠡᠭᠡ ᠪᠠᠷ᠂ ᠭᠠᠷ ᠡᠷᠬᠦᠵᠥ ᠪᠠᠳᠤᠯᠠᠯᠳᠠ ᠬᠢᠬᠦ ᠠᠷᠭ᠎ᠠ ᠪᠠᠷ ᠰᠢ ᠶᠢᠨ ᠫᠢᠩ ᠨᠦᠬᠦᠷ ᠵᠡᠷᠬᠡ 42 ᠬᠦᠮᠥᠨ ᠢᠶᠠᠷ ᠪᠦᠷᠢᠯᠳᠦᠭᠰᠡᠡ ᠲᠡᠷᠢᠬᠦᠯᠡᠭᠴᠢᠳ ᠤᠨ ᠪᠦᠯᠬᠦᠮ ᠤᠨ ᠪᠠᠶᠢᠩᠭᠤ ᠶᠢᠨ ᠺᠤᠮᠢᠰ ᠤᠨ ᠨᠡᠷᠡᠰ ᠢ ᠪᠠᠳᠤᠯᠠᠪᠠ᠃           ᠲᠠᠷᠠᠭ᠎ᠠ ᠨᠢ᠂ ᠬᠤᠷᠠᠯ ᠠᠴᠠ ᠰᠢ ᠶᠢᠨ ᠫᠢᠩ ᠨᠦᠬᠦᠷ ᠤᠨ ᠡᠷᠬᠢᠯᠡᠭᠡ ᠪᠠᠷ ᠡᠯ᠎ᠡ ᠵᠦᠢᠯ ᠤᠨ ᠵᠦᠪᠯᠡᠬᠦ ᠵᠦᠢᠯ ᠢ ᠭᠦᠢᠴᠡᠳᠭᠡᠪᠡ᠃ ᠬᠤᠷᠠᠯ ᠠᠴᠠ ᠭᠠᠷ ᠡᠷᠬᠦᠵᠤ ᠪᠠᠳᠤᠯᠠᠯᠳᠠ ᠬᠢᠬᠦ ᠠᠷᠭ᠎ᠠ ᠪᠠᠷ ᠯᠢᠦ ᠴᠢ ᠪᠤᠤ᠂ ᠮᠧᠩ ᠵᠢᠶᠠᠨ ᠵᠦ᠂ ᠵᠤᠤ ᠯᠧ ᠵᠢᠢ᠂ ᠯᠢ ᠵᠠᠨ ᠱᠦ ᠶᠢ ᠶᠡᠭᠡ ᠬᠤᠷᠠᠯ ᠤᠨ ᠲᠡᠳ᠋ ᠨᠠᠷᠢᠨ ᠪᠢᠴᠢᠭ ᠤᠨ ᠲᠠᠷᠤᠭ᠎ᠠ ᠪᠤᠯᠭᠠᠬᠤ ᠪᠠᠷ ᠪᠠᠳᠤᠯᠠᠪᠠ᠃          ᠬᠤᠷᠠᠯ ᠠᠴᠠ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠ ᠶᠢᠰᠦᠳᠦᠭᠡᠷ ᠤᠳᠠᠭ᠎ᠠ ᠶᠢᠨ ᠪᠦᠬᠦ ᠤᠯᠤᠰ ᠤᠨ ᠲᠦᠯᠥᠬᠡᠯᠡᠭᠴᠢᠳ ᠤᠨ ᠶᠡᠭᠡ ᠬᠤᠷᠠᠯ ᠤᠨ ᠲᠦᠯᠥᠬᠡᠯᠡᠭᠴᠢ ᠶᠢᠨ ᠬᠢᠷᠢ ᠬᠡᠮ ᠢ ᠬᠢᠨᠠᠨ ᠪᠠᠶᠢᠴᠠᠭᠠᠬᠤ ᠺᠤᠮᠢᠰ ᠤᠨ ᠲᠦᠯᠥᠬᠡᠯᠡᠭᠴᠢ ᠶᠢᠨ ᠬᠢᠷᠢ ᠬᠡᠮ ᠢ ᠬᠢᠨᠠᠨ ᠪᠠᠶᠢᠴᠠᠭᠠᠭᠰᠠᠠ ᠲᠤᠬᠠᠢ ᠮᠡᠳᠡᠬᠦᠯᠥᠯᠳᠡ ᠶᠢ ᠪᠠᠳᠤᠯᠠᠪᠠ᠃          ᠮᠡᠳᠡᠬᠦᠯᠥᠯᠳᠡ ᠳᠤ᠂ ᠪᠦᠬᠦ ᠤᠯᠤᠰ ᠤᠨ ᠡᠯ᠎ᠡ ᠰᠤᠩᠭᠤᠭᠤᠯᠢ ᠶᠢᠨ ᠨᠢᠬᠡᠴᠡ ᠶᠢᠨ ᠰᠤᠩᠭᠤᠬᠰᠠᠨ ᠪᠠ ᠲᠦᠪ ᠬᠤᠷᠢᠶ᠎ᠠ ᠪᠠᠷ ᠵᠦᠪᠰᠢᠶᠡᠷᠡᠬᠦᠯᠵᠥ ᠨᠡᠶᠢᠳᠡᠯᠡᠭᠰᠡᠡ ᠲᠦᠯᠥᠬᠡᠯᠡᠭᠴᠢ ᠨᠡᠶᠢᠳᠡ 2287 ᠪᠠᠶᠢᠨ᠎ᠠ᠃ ᠬᠢᠨᠠᠨ ᠪᠠᠶᠢᠴᠠᠭᠠᠯᠳᠡ ᠪᠠᠷ ᠲᠠᠮᠵᠢᠭᠠᠳ 2280 ᠲᠦᠯᠥᠬᠡᠯᠡᠭᠴᠢ ᠶᠢᠨ ᠬᠢᠷᠢ ᠬᠡᠮ ᠬᠦᠴᠦᠨ ᠲᠠᠢ ᠪᠤᠯᠬᠤ ᠶᠢ ᠨᠤᠳᠠᠯᠠᠪᠠ᠃ ᠶᠡᠭᠡ ᠬᠤᠷᠠᠯ ᠳᠤ ᠤᠷᠤᠯᠴᠠᠪᠠᠯ ᠵᠤᠬᠢᠬᠤ ᠲᠦᠯᠥᠬᠡᠯᠡᠭᠴᠢ 2280 ᠪᠠᠶᠢᠨ᠎ᠠ ᠬᠡᠵᠠᠢ᠃          ᠮᠡᠳᠡᠭᠦᠯᠦᠯᠲᠡ ᠳᠤ᠂ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠲᠦᠯᠦᠭᠡᠯᠡᠭᠴᠢᠳ ᠤᠨ ᠰᠤᠩᠭᠤᠭᠤᠯᠢ ᠶᠢᠨ ᠠᠵᠢᠯ ᠢ ᠳᠡᠭᠡᠳᠦ ᠬᠡᠮᠵᠢᠶ᠎ᠠ ᠪᠠᠷ ᠴᠢᠬᠤᠯᠠᠴᠢᠯᠠᠨ ᠦᠵᠡᠪᠡ᠃ ᠨᠢᠳᠤᠨᠤᠨ ᠤ 11 ᠳ᠋ᠦᠭᠡᠷ ᠰᠠᠷ᠎ᠠ ᠠᠴᠠ ᠡᠬᠢᠯᠡᠵᠤ᠂ ᠨᠠᠮ ᠤᠨ ᠲᠦᠪ ᠬᠤᠷᠢᠶ᠎ᠠ ᠶᠢᠨ ᠵᠦᠪ ᠤᠨᠤᠪᠴᠢᠳᠠᠢ ᠤᠳᠤᠷᠢᠳᠤᠯᠭ᠎ᠠ ᠳᠤᠤᠷ᠎ᠠ ᠡᠯ᠎ᠠ ᠰᠤᠩᠭᠤᠭᠤᠯᠢ ᠶᠢᠨ ᠨᠢᠭᠡᠴᠡ ᠶᠢᠨ ᠬᠢᠨ ᠨᠠᠮ ᠤᠨ ᠳᠦᠷᠢᠮ ᠢ ᠴᠢᠩᠭ᠎ᠠ ᠵᠢᠷᠤᠮᠯᠠᠨ ᠨᠠᠮ ᠤᠨ ᠰᠢᠨᠵᠢ ᠴᠢᠨᠠᠷ ᠢ ᠪᠠᠷᠢᠮᠲᠠᠯᠠᠵᠤ᠂ ᠨᠠᠮ ᠤᠨ ᠤᠳᠤᠷᠢᠳᠤᠯᠭ᠎ᠠ ᠶᠢ ᠴᠢᠩᠭᠠᠳᠬᠠᠨ ᠤᠯᠤᠰ ᠲᠦᠷᠦ ᠶᠢᠨ ᠪᠠᠷᠢᠮᠵᠢᠶ᠎ᠠ ᠪᠤᠯᠤᠨ ᠲᠡᠷᠢᠭᠦᠨ ᠤ ᠴᠢᠨᠠᠷ ᠢ ᠳᠤᠪᠤᠶᠢᠯᠭᠠᠵᠤ᠂ ᠲᠦᠯᠦᠭᠡᠯᠡᠭᠴᠢᠳ ᠤᠨ ᠪᠦᠲᠦᠴᠡ ᠶᠢ ᠰᠠᠶᠢᠵᠢᠷᠠᠭᠤᠯᠬᠤ ᠶᠢ ᠴᠢᠬᠤᠯᠠᠴᠢᠯᠠᠨ ᠲᠦᠯᠦᠭᠡᠯᠡᠭᠴᠢ ᠶᠢ ᠰᠤᠩᠭᠤᠬᠤ ᠲᠡᠰ ᠲᠠᠷᠠᠭᠠᠯᠠᠯ ᠢ ᠵᠢᠷᠤᠮᠵᠢᠭᠤᠯᠵᠤ᠂ ᠨᠠᠮ ᠤᠨ ᠲᠤᠳᠤᠭᠠᠳᠤ ᠶᠢᠨ ᠠᠷᠠᠳᠴᠢᠯᠠᠯ ᠢ ᠭᠦᠢᠴᠡᠳ ᠪᠠᠳᠠᠷᠠᠭᠤᠯᠤᠨ ᠴᠢᠩᠭ᠎ᠠ ᠬᠢᠨᠠᠨ ᠪᠠᠶᠢᠴᠠᠭᠠᠵᠤ᠂ ᠰᠤᠩᠭᠤᠭᠤᠯᠢ ᠶᠢᠨ ᠰᠠᠬᠢᠯᠭ᠎ᠠ ᠪᠠᠲᠦ ᠶᠢ ᠴᠢᠩᠳᠠᠯᠠᠨ ᠲᠦᠯᠦᠭᠡᠯᠡᠭᠴᠢᠳ ᠢ ᠰᠤᠩᠭᠤᠬᠤ ᠡᠯ᠎ᠠ ᠵᠦᠢᠯ ᠤᠨ ᠠᠵᠢᠯ ᠢ ᠯᠠᠪᠳᠠᠭᠤᠨ ᠪᠠᠲᠤᠲᠠᠢ ᠰᠠᠶᠢᠲᠤᠷ ᠬᠢᠵᠡᠢ ᠭᠡᠪᠡ᠃          ᠮᠡᠳᠡᠭᠦᠯᠦᠯᠲᠡ ᠳᠤ᠂ ᠲᠦᠯᠦᠭᠡᠯᠡᠭᠴᠢᠳ ᠢ ᠰᠤᠩᠭᠤᠨ ᠭᠠᠷᠭᠠᠬᠤ ᠶᠠᠪᠤᠴᠠ ᠳᠤ ᠪᠦᠬᠦ ᠤᠯᠤᠰ ᠤᠨ ᠦᠨᠳᠦᠰᠦᠨ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠶᠢ ᠦᠨᠳᠦᠰᠦᠨ ᠳᠡᠭᠡᠨ ᠪᠦᠬᠦᠨ ᠢ ᠤᠷᠤᠯᠴᠠᠭᠤᠯᠵᠤ᠂ ᠨᠠᠮ ᠤᠨ ᠭᠡᠰᠢᠭᠦᠨ ᠤ ᠤᠷᠤᠯᠴᠠᠭᠰᠠᠨ ᠨᠤᠷᠮ᠎ᠠ 99.2% ᠲᠤ ᠬᠦᠷᠴᠠᠢ᠃ ᠡᠯ᠎ᠠ ᠰᠤᠩᠭᠤᠭᠤᠯᠢ ᠶᠢᠨ ᠨᠢᠭᠡᠴᠡ ᠶᠢᠨ ᠬᠢᠨ ᠳᠡᠭᠡᠳᠤ ᠱᠠᠳᠤ ᠨᠢ ᠳᠤᠤᠷᠠᠳᠤ ᠱᠠᠳᠤ ᠪᠠᠨ ᠳᠠᠶᠢᠴᠢᠯᠠᠨ ᠳᠡᠭᠡᠳᠤ ᠳᠤᠤᠷᠠᠳᠤ ᠱᠠᠳᠤ ᠬᠠᠮᠵᠢᠯᠴᠠᠵᠤ ᠂ ᠳᠠᠬᠢᠨ ᠳᠠᠪᠳᠠᠨ ᠶᠠᠷᠢᠯᠴᠠᠨ ᠵᠦᠪᠳᠡᠵᠤ᠂ ᠱᠠᠳᠤ ᠱᠠᠳᠤ ᠪᠠᠷ ᠰᠤᠩᠭᠤᠨ ᠰᠢᠯᠭᠠᠷᠠᠭᠤᠯᠵᠤ᠂ ᠦᠨᠳᠦᠰᠦᠨ ᠱᠠᠳᠤᠨ ᠤ ᠨᠠᠮ ᠤᠨ ᠵᠤᠬᠢᠶᠠᠨ ᠪᠠᠶᠢᠭᠤᠯᠤᠯᠲᠠ᠂ ᠨᠠᠮ ᠤᠨ ᠲᠦᠯᠦᠭᠡᠯᠡᠭᠴᠢ ᠪᠤᠯᠤᠨ ᠦᠷᠭᠡᠨ ᠤᠯᠠᠨ ᠨᠠᠮ ᠤᠨ ᠭᠡᠰᠢᠭᠦᠨ ᠤ ᠰᠠᠨᠠᠯ ᠢ ᠭᠦᠢᠴᠡᠳ ᠰᠤᠨᠤᠰᠴᠠᠢ ︔ ᠤᠯᠤᠰ ᠲᠦᠷᠦ ᠶᠢᠨ ᠪᠠᠷᠢᠮᠵᠢᠶ᠎ᠠ ᠶᠢ ᠲᠡᠷᠢᠭᠦᠨ ᠳᠤ ᠲᠠᠯᠪᠢᠬᠤ ᠶᠢ ᠪᠠᠷᠢᠮᠲᠠᠯᠠᠵᠤ᠂ ᠲᠦᠯᠦᠭᠡᠯᠡᠭᠴᠢᠳ ᠤᠨ ᠤᠯᠤᠰ ᠲᠦᠷᠦ ᠶᠢᠨ ᠪᠤᠭᠤᠮᠳᠠ ᠶᠢ ᠴᠢᠩᠭ᠎ᠠ ᠰᠠᠬᠢᠪᠠ ︔ ︽ᠳᠦᠷᠪᠡᠨ ᠡᠷᠬᠡᠪᠰᠢ︾ ᠶᠢᠨ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠪᠦᠬᠦ ᠪᠠᠶᠢᠴᠠᠭᠠᠨ ᠦᠵᠡᠬᠦ ᠬᠦᠮᠦᠰ ᠤᠨ ᠳᠠᠩᠰᠠ ᠡᠪᠬᠡᠮᠡᠯ ᠮᠠᠲ᠋ᠧᠷᠢᠶᠠᠯ ᠢ ᠨᠠᠷᠢᠨ ᠬᠢᠨᠠᠮᠠᠭᠠᠢ ᠬᠢᠨᠠᠨ ᠪᠠᠶᠢᠴᠠᠭᠠᠵᠤ᠂ ᠨᠠᠮ ᠤᠨ ᠰᠤᠷᠳᠠᠯ ᠴᠢᠭᠡᠴᠢ ᠵᠠᠰᠠᠭ ᠤᠨ ᠲᠤᠬᠠᠢ ᠪᠠᠶᠢᠳᠠᠯ ᠢ ᠰᠠᠬᠢᠯᠭ᠎ᠠ ᠪᠠᠲᠦ ᠪᠠᠶᠢᠴᠠᠭᠠᠬᠤ ᠪᠠᠶᠢᠭᠤᠯᠭ᠎ᠠ ᠶᠢᠨ ᠰᠠᠨᠠᠯ ᠢ ᠰᠤᠨᠤᠰᠴᠤ᠂ ᠵᠠᠬᠢᠳᠠᠯ ᠰᠤᠷᠪᠣᠯᠵᠢᠯᠠᠯ ᠪᠠᠷ ᠲᠤᠰᠬᠠᠬᠰᠠᠨ ᠰᠦᠪᠡᠭᠴᠢ ᠨᠢ ᠪᠤᠳᠠᠳᠠᠢ ᠪᠠᠶᠢᠬᠤ ᠳᠤ ᠬᠦᠷᠪᠡᠯ ᠪᠦᠷ ᠪᠠᠶᠢᠴᠠᠭᠠᠨ ᠬᠠᠷᠭᠤᠭᠤᠯᠵᠤ᠂ ᠵᠢᠱᠢᠭᠳᠡᠭᠴᠢ ᠶᠢᠨ ᠳᠤᠳᠤᠷᠠᠬᠢ ᠨᠠᠮ ᠤᠨ ᠭᠡᠰᠢᠭᠦᠨ ᠤᠳᠤᠷᠢᠳᠬᠤ ᠺᠠᠳ᠋ᠷ ᠤᠨ ᠬᠤᠪᠢ ᠬᠦᠮᠦᠨ ᠤ ᠬᠤᠯᠪᠤᠭᠳᠠᠯ ᠪᠦᠬᠦᠢ ᠤᠴᠢᠷ ᠶᠠᠪᠤᠳᠠᠯ ᠢ ᠬᠢᠨᠠᠨ ᠬᠠᠷᠭᠤᠭᠤᠯᠪᠠ᠃ ᠬᠤᠷᠢᠶᠠᠬᠰᠠᠨ ᠰᠠᠨᠠᠯ ᠪᠠ ᠬᠠᠷᠭᠤᠭᠤᠯᠤᠨ ᠪᠠᠶᠢᠴᠠᠭᠠᠬᠰᠠᠨ ᠪᠠᠶᠢᠳᠠᠯ ᠢ ᠦᠨᠳᠦᠰᠦᠯᠡᠨ ᠲᠦᠯᠦᠭᠡᠯᠡᠭᠴᠢ ᠪᠤᠯᠬᠤ ᠳᠤ ᠳᠤᠬᠢᠷᠠᠮᠵᠢ ᠦᠭᠡᠢ ᠵᠢᠱᠢᠭᠳᠡᠭᠰᠡᠳ ᠲᠤ ᠲᠤᠬᠢᠷᠠᠭᠤᠯᠤᠯᠲᠠ ᠬᠢᠪᠡ ︔ ᠵᠢᠱᠢᠭᠳᠡᠭᠰᠡᠳ ᠤᠨ ᠪᠡᠶ᠎ᠡ ᠶᠢᠨ ᠭᠠᠷᠤᠯ ᠢ ᠤᠨᠤᠪᠴᠢᠳᠠᠢ ᠮᠠᠭᠠᠳᠯᠠᠨ ᠲᠤᠬᠲᠠᠭᠠᠵᠤ᠂ ︽ᠤᠷᠤᠯᠠᠬᠤ︾ ᠢ ᠡᠷᠡᠰ ᠰᠡᠷᠭᠡᠶᠢᠯᠡᠨ ᠬᠤᠷᠢᠬᠯᠠᠪᠡ᠃ ᠡᠯ᠎ᠡ ᠰᠤᠩᠭᠤᠭᠤᠯᠢ ᠶᠢᠨ ᠨᠢᠭᠡᠴᠡ ᠨᠠᠮ ᠤᠨ ᠬᠤᠷᠢᠶ᠎ᠠ ᠶᠢᠨ ᠪᠦᠬᠦ ᠭᠡᠰᠢᠭᠦᠳ ᠤᠨ ᠬᠤᠷᠠᠯ ᠪᠤᠶᠤ ᠨᠠᠮ ᠤᠨ ᠬᠤᠷᠢᠶ᠎ᠠ ︵ᠨᠠᠮ ᠤᠨ ᠤᠳᠤᠷᠢᠳᠬᠤ ᠳᠤᠭᠤᠶᠢᠯᠠᠩ︶ ᠶᠢᠨ ᠦᠷᠭᠡᠳᠬᠡᠭᠰᠡᠨ ᠬᠤᠷᠠᠯ ᠢ ᠬᠤᠷᠠᠯᠳᠤᠭᠤᠯᠵᠥ᠂ ᠪᠢᠯᠧᠲ ᠦᠭᠬᠦ ᠬᠡᠯᠪᠡᠷᠢ ᠪᠠᠷ ᠲᠦᠯᠦᠭᠡᠯᠡᠭᠴᠢ ᠶᠢᠨ ᠵᠢᠱᠢᠭᠳᠡᠭᠴᠢ ᠶᠢᠨ ᠪᠡᠯᠡᠳᠬᠡᠯ ᠵᠢᠱᠢᠭᠳᠡᠭᠴᠢ ᠶᠢ ᠲᠤᠬᠲᠠᠭᠠᠪᠠ᠃ ᠲᠦᠪᠡᠳ᠂ ᠰᠢᠨᠵᠢᠶᠡᠩ ᠤᠨ ᠬᠢᠨ ᠲᠦᠪ ᠬᠤᠷᠢᠶ᠎ᠠ ᠶᠢᠨ ᠵᠦᠪᠰᠢᠶᠡᠷᠡᠯ ᠢᠶᠠᠷ ᠲᠡᠩᠴᠡᠭᠦᠦ ᠲᠤᠭᠠᠨ ᠤ ᠰᠤᠩᠭᠤᠭᠤᠯᠢ ᠶᠢ ᠬᠡᠷᠡᠭᠵᠢᠭᠦᠯᠦᠭᠰᠡᠨ ᠠᠴᠠ ᠭᠠᠳᠠᠨ᠎ᠠ᠂ ᠡᠯ᠎ᠡ ᠰᠤᠩᠭᠤᠭᠤᠯᠢ ᠶᠢᠨ ᠨᠢᠭᠡᠴᠡ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ ᠪᠤᠶᠤ ᠨᠠᠮ ᠤᠨ ᠲᠦᠯᠦᠭᠡᠯᠡᠭᠴᠢᠳ ᠤᠨ ᠬᠤᠷᠠᠯ ᠢ ᠬᠤᠷᠠᠯᠳᠤᠭᠤᠯᠤᠨ ᠵᠦᠷᠢᠶᠡᠲᠤ ᠲᠤᠭᠠᠨ ᠤ ᠰᠤᠩᠭᠤᠭᠤᠯᠢ ᠪᠠᠷ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠳᠤ ᠤᠷᠤᠯᠴᠠᠬᠤ ᠲᠦᠯᠦᠭᠡᠯᠡᠭᠴᠢᠳ ᠢ ᠰᠤᠩᠭᠤᠵᠤ᠂ ᠵᠦᠷᠢᠶᠡᠲᠤ ᠲᠤᠭᠠᠨ ᠤ ᠰᠤᠩᠭᠤᠭᠤᠯᠢ ᠶᠢᠨ ᠬᠠᠷᠢᠴᠠᠯ ᠨᠢ ᠴᠦᠮ 15% ᠢ ᠲᠠᠪᠠᠵᠤ᠂ ᠲᠦᠪ ᠬᠤᠷᠢᠶ᠎ᠠ ᠶᠢᠨ ᠱᠠᠭᠠᠷᠳᠠᠯᠭ᠎ᠠ ᠳᠤ ᠨᠡᠶᠢᠴᠡᠪᠡ᠃ ᠲᠦᠯᠦᠭᠡᠯᠡᠭᠴᠢᠳ ᠢ ᠰᠤᠩᠭᠤᠭᠤᠯᠢ ᠪᠠᠷ ᠳᠠᠮᠵᠢᠨ ᠰᠤᠩᠭᠤᠵᠤ ᠭᠠᠷᠭᠠᠬᠰᠠᠨ ᠤ ᠳᠠᠷᠠᠭ᠎ᠠ᠂ ᠲᠦᠪ ᠤᠨ ᠭᠤᠤᠯ ᠪᠤᠯᠬᠤ ᠰᠤᠨᠢᠨ ᠮᠡᠳᠡᠭᠡᠨ ᠤ ᠵᠠᠭᠤᠴᠢᠯᠠᠭᠤᠷ ᠢᠶᠠᠷ ᠳᠠᠮᠵᠢᠨ ᠤᠯᠠᠨ ᠵᠦᠢᠯ ᠤᠨ ᠬᠡᠯᠪᠡᠷᠢ ᠪᠠᠷ ᠲᠦᠯᠦᠭᠡᠯᠡᠭᠴᠢᠳ ᠢ ᠰᠤᠩᠭᠤᠬᠰᠠᠨ ᠠᠵᠢᠯ ᠤᠨ ᠪᠠᠶᠢᠳᠠᠯ ᠢ ᠮᠡᠳᠡᠭᠡᠯᠡᠪᠡ ᠬᠡᠵᠡᠢ᠃           ᠮᠡᠳᠡᠭᠦᠯᠦᠯᠲᠡ ᠳᠤ᠂ ᠠᠷᠪᠠ ᠶᠢᠰᠦᠳᠦᠭᠡᠷ ᠶᠡᠭᠡ ᠬᠤᠷᠠᠯ ᠤᠨ ᠲᠦᠯᠦᠭᠡᠯᠡᠭᠴᠢᠳ ᠶᠡᠷᠦᠩᠬᠡᠢ ᠳᠡᠭᠡᠨ ᠲᠦᠪ ᠬᠤᠷᠢᠶ᠎ᠠ ᠠᠴᠠ ᠲᠤᠬᠲᠠᠭᠠᠬᠰᠠᠨ ᠨᠦᠬᠦᠴᠡᠯ ᠳᠤ ᠨᠡᠶᠢᠴᠡᠵᠤ᠂ ᠨᠡᠯᠢᠶᠡᠳ ᠦᠨᠳᠦᠷ ᠦᠵᠡᠯ ᠰᠠᠨᠠᠭ᠎ᠠ ᠤᠯᠤᠰ ᠲᠦᠷᠦ ᠶᠢᠨ ᠬᠡᠪ ᠪᠤᠯᠪᠠᠰᠤᠷᠠᠯ ᠲᠠᠢ᠂ ᠰᠢᠯᠢᠳᠡᠭ ᠰᠠᠶᠢᠨ ᠰᠤᠷᠲᠠᠯ ᠲᠠᠢ ᠪᠦᠭᠡᠳ ᠨᠡᠯᠢᠶᠡᠳ ᠴᠢᠩᠭ᠎ᠠ ᠤᠴᠢᠷ ᠶᠠᠪᠤᠳᠠᠯ ᠵᠦᠪᠯᠡᠬᠦ ᠴᠢᠳᠠᠪᠤᠷᠢ ᠲᠠᠢ᠂ ᠲᠤᠰ ᠲᠤᠰ ᠤᠨ ᠠᠵᠢᠯ ᠤᠨ ᠪᠠᠶᠢᠷᠢ ᠳᠡᠭᠡᠷ᠎ᠡ ᠪᠠᠨ ᠳᠤᠪᠤᠶᠢᠮ᠎ᠠ ᠠᠮᠵᠢᠯᠲᠠ ᠤᠯᠤᠬᠰᠠᠨ᠂ ᠡᠪ ᠬᠠᠮᠲᠤ ᠨᠠᠮ ᠤᠨ ᠭᠡᠰᠢᠭᠦᠨ ᠤ ᠲᠤᠳᠤᠷᠠᠬᠢ ᠰᠢᠯᠢᠲᠡᠭ ᠬᠦᠮᠦᠰ ᠪᠤᠯᠤᠨ᠎ᠠ᠃ ᠲᠦᠯᠦᠭᠡᠯᠡᠭᠴᠢᠳ ᠤᠨ ᠪᠦᠲᠦᠴᠡ ᠪᠤᠯᠤᠨ ᠲᠠᠷᠬᠠᠯᠲᠠ ᠨᠢ ᠨᠡᠯᠢᠶᠡᠳ ᠵᠤᠬᠢᠰᠲᠠᠢ᠃ ᠦᠢᠯᠡᠳᠪᠦᠷᠢᠯᠡᠯ ᠪᠠ ᠠᠵᠢᠯ ᠤᠨ ᠡᠮᠦᠨ᠎ᠡ ᠹᠷᠤᠨᠲ ᠲᠠᠬᠢ ᠨᠠᠮ ᠤᠨ ᠭᠡᠰᠢᠭᠦᠨ ᠲᠦᠯᠦᠭᠡᠯᠡᠭᠴᠢ ᠶᠢᠨ ᠬᠠᠷᠢᠴᠠᠯ ᠢᠯᠡᠳᠲᠡ ᠳᠡᠭᠡᠭᠰᠢᠯᠡᠵᠦ᠂ ᠡᠮᠡᠭᠲᠡᠢ ᠨᠠᠮ ᠤᠨ ᠭᠡᠰᠢᠭᠦᠨ ᠲᠦᠯᠦᠭᠡᠯᠡᠭᠴᠢ᠂ ᠴᠦᠬᠡᠨ ᠲᠤᠭᠠᠲᠤ ᠦᠨᠳᠦᠰᠦᠲᠡᠨ ᠤ ᠨᠠᠮ ᠤᠨ ᠭᠡᠰᠢᠭᠦᠨ ᠲᠦᠯᠦᠭᠡᠯᠡᠭᠴᠢ ᠶᠢᠨ ᠲᠤᠭ᠎ᠠ ᠨᠡᠮᠡᠭᠳᠡᠵᠦ᠂ ᠲᠦᠯᠦᠭᠡᠯᠡᠭᠴᠢᠳ ᠤᠨ ᠰᠤᠷᠤᠯᠭ᠎ᠠ ᠶᠢᠨ ᠨᠠᠮᠲᠠᠷ ᠨᠡᠯᠢᠶᠡᠳ ᠦᠨᠳᠦᠷ᠂ ᠨᠠᠰᠤ ᠵᠢᠯ ᠤᠨ ᠪᠦᠳᠦᠴᠡ ᠵᠦᠢ ᠵᠤᠬᠢᠰᠲᠠᠢ᠂ ᠠᠳᠠᠯᠢ ᠪᠤᠰᠤ ᠴᠠᠬ ᠦᠶ᠎ᠡ ᠳᠤ ᠨᠠᠮ ᠳᠤ ᠤᠷᠤᠬᠰᠠᠨ ᠨᠠᠮ ᠤᠨ ᠭᠡᠰᠢᠭᠦᠳ ᠪᠠᠶᠢᠨ᠎ᠠ᠃ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠲᠦᠯᠦᠭᠡᠯᠡᠭᠴᠢᠳ ᠤᠨ ᠡᠯ᠎ᠡ ᠵᠦᠢᠯ ᠤᠨ ᠪᠦᠲᠦᠴᠡ ᠶᠢᠨ ᠬᠠᠷᠢᠴᠠᠯ ᠴᠦᠮ ᠲᠦᠪ ᠬᠤᠷᠢᠶ᠎ᠠ ᠶᠢᠨ ᠱᠠᠭᠠᠷᠳᠠᠯᠭ᠎ᠠ ᠳᠤ ᠨᠡᠶᠢᠴᠡᠵᠦ᠂ ᠦᠷᠭᠡᠨ ᠳᠡᠯᠭᠡᠷᠡᠩᠭᠦᠢ ᠲᠦᠯᠦᠭᠡᠯᠡᠬᠦ ᠴᠢᠨᠠᠷ ᠲᠠᠢ ᠪᠤᠯᠵᠠᠢ ᠬᠡᠪᠡ᠃           ᠮᠡᠳᠡᠬᠦᠯᠤᠯᠳᠠ ᠳᠤ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠤᠨ ᠠᠷᠭ᠎ᠠ ᠪᠠᠷ ᠯᠠᠪᠯᠠᠯᠳᠠ ᠪᠤᠯᠭᠠᠵᠤ᠂ ᠲᠦᠪ ᠬᠤᠷᠢᠶ᠎ᠠ ᠠᠴᠠ 74 ᠤᠨᠴᠠ ᠤᠷᠢᠬᠰᠠᠨ ᠲᠦᠯᠤᠬᠡᠯᠡᠭᠴᠢ ᠶᠢ ᠨᠠᠮ ᠤᠨ ᠠᠷᠪᠠ ᠶᠢᠰᠤᠳᠤᠭᠡᠷ ᠶᠡᠭᠡ ᠬᠤᠷᠠᠯ ᠳᠤ ᠤᠷᠤᠯᠴᠠᠭᠤᠯᠬᠤ ᠪᠠᠷ ᠲᠤᠭᠳᠠᠵᠤ᠂ ᠤᠨᠴᠠ ᠤᠷᠢᠬᠰᠠᠨ ᠲᠦᠯᠤᠬᠡᠨᠯᠭᠴᠢ ᠨᠢ ᠲᠦᠯᠤᠬᠡᠯᠡᠭᠴᠢᠳ ᠲᠠᠢ ᠠᠳᠠᠯᠢ ᠡᠷᠬᠡ ᠲᠠᠢ ᠬᠡᠪᠡ᠃            ᠬᠤᠷᠠᠯ ᠠᠴᠠ ᠳᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠ ᠶᠢᠰᠤᠳᠤᠭᠡᠷ ᠤᠳᠠᠭ᠎ᠠ ᠶᠢᠨ ᠪᠦᠬᠦ ᠤᠯᠤᠰ ᠤᠨ ᠲᠦᠯᠥᠬᠡᠯᠡᠭᠴᠢᠳ ᠤᠨ ᠶᠡᠭᠡ ᠬᠤᠷᠠᠯ ᠤᠨ ᠰᠤᠩᠭᠤᠭᠤᠯᠢ ᠶᠢᠨ ᠠᠷᠭ᠎ᠠ ︵ᠲᠦᠰᠤᠯ︶ ᠶᠢ ᠪᠠᠳᠤᠯᠠᠵᠤ᠂ ᠡᠯ᠎ᠠ ᠲᠦᠯᠤᠬᠡᠯᠡᠭᠴᠢᠳ ᠤᠨ ᠪᠦᠯᠬᠦᠮ ᠳᠤ ᠲᠡᠪᠰᠢᠬᠦᠯᠵᠤ ᠶᠠᠷᠢᠯᠴᠠᠭᠤᠯᠬᠤ ᠪᠠᠷ ᠲᠤᠬᠳᠠᠪᠠ᠃              ᠬᠤᠷᠠᠯ ᠠᠴᠠ ᠪᠠᠰᠠ ᠬᠤᠷᠠᠯ ᠳᠤ ᠰᠤᠯᠠ ᠤᠷᠤᠯᠴᠠᠬᠤ ᠪᠠ ᠵᠤᠴᠢᠳ ᠤᠨ ᠲᠤᠬᠠᠢ ᠶᠠᠪᠤᠳᠠᠯ ᠤᠳ ᠢ ᠪᠠᠳᠤᠯᠠᠪᠠ᠃ ᠲᠦᠪ ᠬᠤᠷᠢᠶ᠎ᠠ ᠠᠴᠠ᠂ ᠨᠠᠮ ᠤᠨ ᠳᠤᠳᠤᠭᠠᠳᠤ ᠶᠢᠨ ᠬᠤᠯᠪᠤᠬᠳᠠᠯ ᠪᠦᠬᠦᠢ ᠬᠠᠷᠢᠭᠤᠴᠠᠯᠭᠠᠳᠠᠨ ᠨᠦᠬᠦᠳ ᠪᠤᠯᠤᠨ ᠬᠡᠰᠡᠭ ᠨᠠᠮ ᠤᠨ ᠭᠠᠳᠠᠨᠠᠬᠢ ᠬᠦᠮᠤᠰ ᠢ ᠤᠷᠢᠵᠤ ᠶᠡᠭᠡ ᠬᠤᠷᠠᠯ ᠳᠤ ᠰᠤᠯᠠ ᠤᠷᠤᠯᠴᠠᠭᠤᠯᠬᠤ ᠪᠠᠷ ᠲᠤᠭᠳᠠᠪᠠ᠃ ᠶᠡᠭᠡ ᠬᠤᠷᠠᠯ ᠳᠤ ᠰᠤᠯᠠ ᠤᠷᠤᠯᠴᠠᠬᠰᠠᠳ ᠲᠤ᠄ ᠨᠠᠮ ᠤᠨ ᠠᠷᠪᠠ ᠶᠢᠰᠤᠳᠤᠭᠡᠷ ᠶᠡᠭᠡ ᠬᠤᠷᠠᠯ ᠤᠨ ᠲᠦᠯᠤᠬᠡᠯᠡᠭᠴᠢ ᠪᠤᠰᠤ ᠠᠷᠪᠠᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶ᠎ᠠ ᠶᠢᠨ ᠬᠡᠰᠢᠬᠦᠨ᠂ ᠤᠷᠤᠯᠠᠬᠴᠢ ᠬᠡᠰᠢᠬᠦᠨ ᠪᠤᠯᠤᠨ ᠲᠦᠪ ᠤᠨ ᠰᠠᠬᠢᠯᠭ᠎ᠠ ᠪᠠᠳᠤ ᠪᠠᠶᠢᠴᠠᠭᠠᠬᠤ ᠬᠤᠷᠢᠶᠠᠨ ᠤ ᠬᠡᠰᠢᠬᠦᠨ᠂ ᠨᠠᠮ ᠤᠨ ᠠᠷᠪᠠ ᠶᠢᠰᠤᠳᠤᠭᠡᠷ ᠶᠡᠭᠡ ᠬᠤᠷᠠᠯ ᠤᠨ ᠲᠦᠯᠤᠬᠡᠯᠡᠭᠴᠢ ᠪᠠ ᠤᠨᠴᠠ ᠤᠷᠢᠬᠰᠠᠨ ᠲᠦᠯᠤᠬᠡᠯᠡᠭᠴᠢ ᠪᠤᠰᠤ ᠤᠤᠯ ᠤᠨ ᠲᠦᠪ ᠤᠨ ᠵᠦᠪᠯᠡᠭᠴᠢᠳ ᠤᠨ ᠬᠤᠷᠢᠶᠠᠨ ᠤ ᠬᠡᠰᠢᠬᠦᠨ ᠵᠢᠴᠢ ᠪᠤᠰᠤᠳ ᠬᠤᠯᠪᠤᠬᠳᠠᠯ ᠪᠦᠬᠦᠢ ᠨᠦᠬᠦᠳ ᠨᠡᠶᠢᠳᠠ 405 ᠬᠦᠮᠤᠨ ᠪᠠᠶᠢᠨ᠎ᠠ᠃ ᠵᠤᠴᠢᠨ ᠤ ᠬᠤᠪᠢ ᠪᠠᠷ ᠶᠡᠭᠡ ᠬᠤᠷᠠᠯ ᠤᠨ ᠡᠬᠢᠯᠡᠬᠦ ᠶᠤᠰᠤᠯᠠᠯ ᠪᠤᠯᠤᠨ ᠲᠡᠬᠦᠰᠬᠦ ᠶᠤᠰᠤᠯᠠᠯ ᠳᠤ ᠰᠤᠯᠠ ᠤᠷᠤᠯᠴᠠᠬᠰᠠᠳ ᠲᠤ᠄ ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠲᠡᠳ᠋ ᠲᠠᠷᠤᠭ᠎ᠠ᠂ ᠪᠦᠬᠦ ᠤᠯᠤᠰ ᠤᠨ ᠤᠯᠤᠰ ᠲᠦᠷᠤ ᠶᠢᠨ ᠵᠦᠪᠯᠡᠯᠬᠡᠨ ᠤ ᠲᠡᠳ᠋ ᠲᠡᠷᠢᠬᠦᠯᠡᠭᠴᠢ ᠶᠢᠨ ᠲᠤᠰᠢᠶᠠᠯ ᠢ ᠬᠠᠷᠢᠭᠤᠴᠠᠵᠤ ᠪᠠᠶᠢᠭ᠎ᠠ ᠪᠠ ᠬᠠᠷᠢᠭᠤᠴᠠᠵᠤ ᠪᠠᠶᠢᠬᠰᠠᠨ ᠨᠠᠮ ᠤᠨ ᠭᠠᠳᠠᠨᠠᠬᠢ ᠬᠦᠮᠤᠰ᠂ ᠪᠡᠬᠡᠵᠢᠩ ᠳᠤ ᠪᠠᠶᠢᠭ᠎ᠠ ᠡᠯ᠎ᠠ ᠠᠷᠠᠳᠴᠢᠯᠠᠭᠰᠠᠠ ᠨᠠᠮ ᠪᠦᠯᠦᠭ ᠤᠨ ᠲᠦᠪ ᠬᠤᠷᠢᠶ᠎ᠠ᠂ ᠪᠦᠬᠦ ᠤᠯᠤᠰ ᠤᠨ ᠤᠶᠢᠯᠡᠳᠪᠤᠷᠢ ᠬᠤᠳᠠᠯᠳᠤᠭᠠᠨ ᠤ ᠬᠤᠯᠪᠤᠭ᠎ᠠ ᠶᠢᠨ ᠲᠡᠳ᠋ ᠲᠡᠷᠢᠬᠦᠯᠡᠭᠴᠢ᠂ ᠨᠠᠮ ᠪᠦᠯᠦᠭ ᠤᠨ ᠪᠤᠰᠤ ᠲᠦᠯᠤᠭᠡᠯᠡᠭᠴᠢ ᠬᠦᠮᠤᠰ᠂ ᠱᠠᠰᠢᠨ ᠰᠤᠷᠳᠠᠬᠤᠨ ᠤ ᠡᠳᠡᠬᠡᠳ ᠤᠨ ᠲᠦᠯᠤᠭᠡᠯᠡᠭᠴᠢ ᠬᠦᠮᠤᠰ᠂ ᠪᠡᠬᠡᠵᠢᠩ ᠳᠤ ᠪᠠᠶᠢᠭ᠎ᠠ ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ᠂ ᠪᠦᠬᠦ ᠤᠯᠤᠰ ᠤᠨ ᠤᠯᠤᠰ ᠲᠦᠷᠤ ᠶᠢᠨ ᠵᠦᠪᠯᠡᠯᠬᠡᠨ ᠤ ᠪᠠᠶᠢᠩᠭᠤ ᠶᠢᠨ ᠬᠡᠰᠢᠬᠦᠨ ᠤ ᠳᠤᠳᠤᠷᠠᠬᠢ ᠠᠷᠠᠳᠴᠢᠯᠠᠭᠰᠠᠠ ᠨᠠᠮ ᠪᠦᠯᠦᠭ᠂ ᠨᠠᠮ ᠪᠦᠯᠦᠭ ᠤᠨ ᠪᠤᠰᠤ ᠪᠤᠯᠤᠨ ᠦᠨᠳᠤᠰᠤᠳᠠᠨ ᠱᠠᠰᠢᠨ ᠰᠤᠷᠳᠠᠬᠤᠨ ᠤ ᠡᠳᠡᠬᠡᠳ ᠤᠨ ᠬᠦᠮᠤᠰ ᠨᠡᠶᠢᠳᠠ 149 ᠬᠦᠮᠤᠨ ᠪᠠᠶᠢᠨ᠎ᠠ᠃          ᠲᠡᠷᠢᠬᠦᠯᠡᠭᠴᠢᠳ ᠤᠨ ᠪᠦᠯᠬᠦᠮ ᠤᠨ ᠬᠤᠷᠠᠯ ᠠᠴᠠ ᠪᠠᠰᠠ ᠨᠠᠮ ᠤᠨ ᠠᠷᠪᠠ ᠶᠢᠰᠤᠳᠤᠭᠡᠷ ᠶᠡᠭᠡ ᠬᠤᠷᠠᠯ ᠤᠨ ᠡᠳᠤᠷ ᠤᠨ ᠲᠠᠷᠠᠭᠠᠯᠠᠯ ᠢ ᠪᠠᠳᠤᠯᠠᠵᠠᠢ᠃ ᠡᠨᠡᠬᠦ ᠡᠳᠦᠷ ᠤᠨ ᠲᠠᠷᠠᠭᠠᠯᠠᠯ ᠢ ᠦᠨᠳᠦᠰᠦᠯᠡᠪᠡᠯ᠂ ᠠᠷᠪᠠ ᠶᠢᠰᠤᠳᠤᠭᠡᠷ ᠶᠡᠭᠡ ᠬᠤᠷᠠᠯ 10 ᠳ᠋ᠤᠭᠠᠷ ᠰᠠᠷ᠎ᠠ ᠶᠢᠨ 18 ᠤ ᠡᠳᠤᠷ ᠤᠨ ᠦᠳᠡ ᠶᠢᠨ ᠡᠮᠦᠨ᠎ᠡ ᠡᠬᠢᠯᠠᠵᠤ᠂ 10 ᠳ᠋ᠤᠭᠠᠷ ᠰᠠᠷ᠎ᠠ ᠶᠢᠨ 24 ᠤ ᠦᠳᠡ ᠶᠢᠨ ᠡᠮᠦᠨ᠎ᠡ ᠲᠡᠬᠦᠰᠤᠨ᠎ᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号