| ᠣᠶᠢᠷ᠎ᠠ ᠳᠤ᠂ ᠲᠡᠮᠦᠷ ᠵᠠᠮ ᠤᠨ ᠰᠠᠯᠠᠭ᠎ᠠ ᠮᠥᠴᠢᠷ ᠠᠴᠠ ᠣᠶᠢᠯᠠᠭᠠᠭᠰᠠᠨ ᠢᠶᠠᠷ᠂ 11 ᠳ᠋ᠦᠭᠡᠷ ᠰᠠᠷ᠎ᠠ ᠶᠢᠨ | 26 ᠤ ᠡᠳᠦᠷ ᠠᠴᠠ ᠡᠬᠢᠯᠡᠨ᠂ ᠲᠡᠮᠦᠷ ᠵᠠᠮ ᠤᠨ ᠤᠲᠠᠰᠤ ᠪᠠᠷ ᠪᠢᠯᠧᠲ ᠵᠠᠬᠢᠶᠠᠯᠠᠬᠤ ᠴᠠᠭ ᠬᠤᠭᠤᠴᠠᠭ᠎ᠠ ᠶᠢ 6᠄ | 00 — 23᠄ 00 ᠪᠣᠯᠭᠠᠨ ᠲᠣᠬᠢᠷᠠᠭᠤᠯᠪᠠ᠃ ᠣᠶᠢᠯᠠᠭᠠᠭᠰᠠᠨ ᠢᠶᠠᠷ᠂ ᠤᠲᠠᠰᠤ ᠪᠠᠷ ᠪᠢᠯᠧᠲ ᠵᠠᠬᠢᠶᠠᠯᠠᠬᠤ ᠶᠢ | ᠵᠥᠪᠬᠡᠨ ᠲᠡᠷᠭᠡ ᠬᠥᠳᠡᠯᠬᠦ ᠠᠴᠠ ᠡᠮᠦᠨᠡᠬᠢ 4 ᠡᠳᠦᠷ ᠠᠴᠠ 60 ᠡᠳᠦᠷ ︵ᠲᠤᠰ ᠡᠳᠦᠷ ᠪᠠᠭᠲᠠᠨ᠎ᠠ︶ ᠤᠨ | ᠪᠢᠯᠧᠲ ᠢ ᠤᠷᠢᠳᠴᠢᠯᠠᠨ ᠵᠠᠬᠢᠶᠠᠯᠠᠬᠤ ᠶᠢ ᠬᠢᠵᠠᠭᠠᠷᠯᠠᠪᠠ᠂ ᠠᠶᠠᠨᠴᠢᠳ ᠰᠢᠭᠤᠳ 95105105 ᠤᠲᠠᠰᠤ | ᠵᠠᠯᠭᠠᠵᠤ ᠪᠢᠯᠧᠲ ᠵᠠᠬᠢᠶᠠᠯᠠᠵᠤ ᠪᠣᠯᠤᠨ᠎ᠠ᠂ ᠤᠲᠠᠰᠤ ᠪᠠᠷ ᠪᠢᠯᠧᠲ ᠢᠶᠠᠨ ᠵᠠᠬᠢᠶᠠᠯᠠᠭᠰᠠᠨ ᠤ ᠳᠠᠷᠠᠭ᠎ᠠ᠂ ᠠᠶᠠᠨᠴᠢᠳ | ᠪᠢᠯᠧᠲ ᠵᠠᠬᠢᠶᠠᠯᠠᠨ ᠲᠡᠷᠭᠡᠨ ᠳᠤ ᠰᠠᠭᠤᠬᠤ ᠬᠦᠮᠦᠨ ᠤ ᠬᠦᠴᠦᠨ ᠪᠦᠭᠦᠢ ᠪᠡᠶ᠎ᠡ ᠶᠢᠨ ᠦᠨᠡᠮᠯᠡᠯ ᠢᠶᠠᠷ ᠢᠶᠠᠨ ᠪᠦᠬᠦ | ᠤᠯᠤᠰ ᠤᠨ ᠶᠠᠮᠠᠷᠪᠠ ᠨᠢᠭᠡᠨ ᠲᠡᠷᠭᠡᠨ ᠦᠷᠲᠡᠭᠡᠨ ᠤ ᠴᠣᠩᠬᠤᠪᠴᠢ ᠪᠤᠶᠤ ᠪᠢᠯᠧᠲ ᠣᠷᠣᠯᠠᠨ ᠬᠤᠳᠠᠯᠳᠤᠬᠤ ᠴᠢᠭ᠋ ᠲᠤ | ᠬᠦᠷᠴᠦ ᠪᠢᠯᠧᠲ ᠢᠶᠠᠨ ᠠᠪᠴᠤ ᠪᠣᠯᠤᠨ᠎ᠠ᠃ ᠤᠲᠠᠰᠤ ᠪᠠᠷ ᠵᠠᠬᠢᠶᠠᠯᠠᠭᠰᠠᠨ ᠪᠢᠯᠧᠲ ᠢᠶᠠᠨ ᠠᠪᠬᠤ ᠴᠠᠭ ᠨᠢ ᠲᠤᠰ | ᠡᠳᠦᠷ ᠤᠨ 12:00 ᠡᠮᠦᠨ᠎ᠡ ᠵᠠᠬᠢᠶᠠᠯᠠᠭᠰᠠᠨ ᠪᠠᠶᠢᠪᠠᠯ ᠳᠠᠷᠠᠭ᠎ᠠ ᠡᠳᠦᠷ ᠤᠨ 12:00 ᠠᠴᠠ ᠡᠮᠦᠨ᠎ᠡ ᠵᠠᠬᠢᠶᠠᠯᠠᠭᠰᠠᠨ | ᠪᠢᠯᠧᠲ ᠢᠶᠠᠨ ᠠᠪᠬᠤ ᠬᠡᠷᠡᠭᠲᠡᠢ ︔ ᠲᠤᠰ ᠡᠳᠦᠷ ᠤᠨ 12᠄ 00 ᠠᠴᠠ ᠬᠤᠶᠢᠰᠢ ᠵᠠᠬᠢᠶᠠᠯᠠᠭᠰᠠᠨ ᠪᠢᠯᠧᠲ ᠢᠶᠠᠨ | ᠳᠠᠷᠠᠭ᠎ᠠ ᠡᠳᠦᠷ ᠤᠨ 24᠄ 00 ᠠᠴᠠ ᠡᠮᠦᠨ᠎ᠡ ᠠᠪᠬᠤ ᠬᠡᠷᠡᠭᠲᠡᠢ᠂ ᠬᠤᠭᠤᠴᠠᠭ᠎ᠠ ᠨᠢ ᠬᠡᠲᠦᠷᠡᠭᠰᠡᠨ ᠪᠠᠶᠢᠲᠠᠯ᠎ᠠ | ᠪᠢᠯᠧᠲ ᠢᠶᠠᠨ ᠠᠪᠬᠤ ᠦᠭᠡᠢ ᠪᠣᠯ ᠵᠠᠬᠢᠶᠠᠯᠠᠭ᠎ᠠ ᠶᠢᠨ ᠬᠠᠭᠤᠳᠠᠰᠤ ᠶᠢ ᠬᠦᠴᠦᠨ ᠦᠭᠡᠶ ᠪᠣᠯᠭᠠᠨ᠎ᠠ᠂ ᠪᠢᠯᠧᠲ ᠢᠶᠠᠨ | ᠠᠪᠬᠤ ᠦᠶᠡᠰ ᠡᠷᠬᠡᠪᠰᠢ ᠪᠣᠳᠠᠲᠠᠶ ᠲᠡᠷᠭᠡᠨ ᠳᠤ ᠰᠠᠭᠤᠬᠤ ᠬᠥᠮᠦᠨ ᠤ ᠪᠡᠶ᠎ᠡ ᠶᠢᠨ ᠦᠨᠡᠮᠯᠡᠯ ︵ᠤᠭ ᠮᠠᠲ᠋ᠧᠷᠢᠶᠠᠯ | ᠪᠤᠶᠤ ᠬᠠᠭᠤᠯᠪᠤᠷᠢ ᠮᠠᠲ᠋ᠧᠷᠢᠶᠠᠯ︶ ᠵᠢᠴᠢ ᠵᠠᠬᠢᠶᠠᠯᠠᠭ᠎ᠠ ᠶᠢᠨ ᠳ᠋ᠤᠭᠠᠷ ᠢᠶᠠᠷ ᠢᠶᠠᠨ ᠭᠦᠢᠴᠡᠳᠬᠡᠬᠦ ᠬᠡᠷᠡᠭᠲᠡᠢ᠃ |